2018 - 2019 ᠤᠨ ᠤ 《ᠪᠢ ᠬᠥᠯ ᠪᠥᠮᠪᠥᠬᠡᠨ ᠳᠤ ᠬᠠᠶᠢᠷᠠᠲᠠᠢ 》 ᠡᠮᠡᠬᠦ ᠲᠤᠮᠳᠠᠳᠤ ᠤᠯᠤᠰ ᠤᠨ ᠬᠥᠯ ᠪᠥᠮᠪᠦᠭᠡ ᠶᠢᠨ ᠠᠷᠠᠳ ᠤᠨ ᠳᠤᠮᠳᠠᠬᠢ ᠬᠥᠯ ᠪᠥᠮᠪᠦᠭᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠵᠢᠴᠢ ᠥᠪᠡᠷᠳᠡᠭᠡᠨ ᠵᠠᠰᠬᠠᠤ ᠤᠷᠤᠨ ᠤ ᠡᠷᠡᠭᠳᠠᠢ ᠶᠢᠨ ᠭᠡᠷ ᠲᠤᠳᠤᠷᠠᠬᠢ ᠲᠠᠪᠤᠨ ᠬᠥᠮᠥᠨ ᠤ ᠲᠥᠷᠢᠮᠳᠤ ᠬᠥᠯ ᠪᠥᠮᠪᠦᠭᠡ ᠶᠢᠨ ᠲᠡᠷᠢᠬᠦᠨ ᠰᠢᠯᠭᠠᠷᠠᠭᠤᠯᠬᠤ ᠤᠷᠤᠯᠳᠤᠭᠠᠨ 1 ᠰᠠᠷ᠎ᠠ ᠶᠢᠨ 3 ᠤ ᠡᠳᠤᠷ ᠤᠷᠳᠤᠰ ᠬᠤᠳᠠ ᠶᠢᠨ ᠪᠡᠶ᠎ᠠ ᠶᠢᠨ ᠲᠠᠮᠢᠷ ᠤᠨ ᠤᠷᠳᠤᠨ ᠳᠤ ᠡᠬᠢᠯᠡᠨ ᠶᠠᠪᠤᠬᠳᠠᠵᠥ᠂ ᠡᠯ᠎ᠠ ᠠᠶᠢᠮᠠᠬ ᠬᠤᠳᠠ ᠠᠴᠠ ᠬᠥᠷᠥᠯᠴᠠᠨ ᠢᠷᠡᠭᠰᠡᠨ 8 ᠲᠥᠯᠥᠭᠡᠯᠡᠭᠴᠢ ᠶᠢᠨ ᠠᠩᠭᠢ ᠤᠷᠤᠯᠳᠤᠭᠠᠨ ᠳᠤ ᠤᠷᠤᠯᠴᠠᠵᠥ᠂ 6 ᠡᠳᠤᠷ ᠤᠨ ᠬᠤᠷᠴᠠ ᠰᠢᠷᠤᠬᠦᠨ ᠲᠡᠮᠡᠴᠡᠭᠡᠨ ᠢᠶᠠᠷ ᠲᠠᠮᠵᠢᠨ ᠤᠷᠳᠤᠰ ᠤᠨ ᠬᠥᠯ ᠪᠥᠮᠪᠦᠭᠡ ᠶᠢᠨ ᠠᠩᠭᠢ ᠲᠤᠰ ᠤᠳᠠᠭ᠎ᠠ ᠶᠢᠨ ᠤᠷᠤᠯᠳᠤᠭᠠᠨ ᠳᠤ ᠲᠥᠷᠥᠬᠦᠯᠡᠭᠰᠡᠨ ᠪᠠᠶᠢᠨ᠎ᠠ᠃

ᠲᠤᠰ ᠤᠳᠠᠭ᠎ᠠ ᠶᠢᠨ ᠤᠷᠤᠯᠳᠤᠭᠠᠨ ᠤ ᠰᠢᠢᠳᠪᠤᠷᠢᠳᠤ ᠤᠷᠤᠯᠳᠤᠭᠠᠨ ᠳᠤ ᠤᠷᠳᠤᠰ ᠤᠨ ᠮᠠᠨ ᠰᠧᠨ ᠬᠥᠯ ᠪᠥᠮᠪᠦᠭᠡ ᠶᠢᠨ ᠺᠯᠦ᠋ᠪ ᠤᠨ ᠬᠥᠯ ᠪᠥᠮᠪᠦᠭᠡ ᠶᠢᠨ ᠲᠠᠮᠢᠷᠴᠢᠨ ᠪᠤᠯᠤᠨ ᠬᠥᠯᠥᠨ ᠪᠤᠶᠢᠷ ᠤᠨ 《ᠰᠢᠨᠡᠭᠡᠨ》  ᠬᠥᠯ ᠪᠥᠮᠪᠦᠭᠡ ᠶᠢᠨ ᠺᠯᠦ᠋ᠪ ᠤᠨ ᠲᠠᠮᠢᠷᠴᠢᠨ ᠲᠠᠢ ᠤᠷ᠎ᠠ ᠠᠪᠢᠶᠠᠰ ᠢᠶᠠᠨ ᠮᠥᠴᠡᠭᠡᠷᠭᠡᠪᠠ᠃ ᠤᠷᠤᠯᠳᠤᠭᠠᠨ ᠡᠬᠢᠯᠡᠭᠰᠡᠨ ᠭᠤᠴᠢᠬᠠᠨ ᠰᠧᠺᠦ᠋ᠨ᠋ᠳ᠋ ᠤᠨ ᠬᠤᠷᠤᠮ ᠳᠤ᠂ ᠬᠥᠯᠥᠨ ᠪᠤᠶᠢᠷ ᠤᠨ ᠠᠩᠭᠢ ᠶᠢᠨ ᠲᠠᠮᠢᠷᠴᠢᠨ ᠬᠥᠴᠥᠨ ᠢᠶᠠᠨ ᠲᠥᠪᠯᠡᠷᠡᠬᠦᠯᠥᠨ ᠲᠠᠯᠠᠪᠠᠢ ᠶᠢᠨ ᠪᠠᠷᠠᠭᠤᠨ ᠵᠠᠬ᠎ᠠ ᠶᠢ ᠪᠠᠷᠢᠨ ᠲᠠᠭᠠᠷᠢᠯᠳᠠ ᠬᠢᠵᠥ᠂ ᠤᠨᠢᠨ ᠲᠡᠭᠡᠷ᠎ᠠ ᠨᠢ ᠲᠠᠭᠠᠷᠠᠭᠤᠯᠤᠨ ᠤᠷᠠᠨ ᠲᠠᠮᠵᠢᠭᠤᠯᠭ᠎ᠠ ᠬᠢᠵᠥ᠂ ᠡᠰᠡᠷᠬᠦ ᠡᠳᠡᠭᠡᠳ ᠲᠤ ᠬᠤᠷᠢᠬᠯᠠᠨ ᠴᠤᠬᠢᠬᠤ ᠵᠠᠪ ᠥᠭᠭᠦᠯ ᠥᠬᠡᠢ ᠪᠠᠷ ᠨᠢᠬᠡ ᠪᠥᠮᠪᠦᠭᠡ ᠰᠤᠮᠤᠳᠠᠨ ᠤᠷᠤᠭᠤᠯᠵᠥ᠂ ᠲᠠᠪᠠᠭᠤᠯᠢᠬ ᠪᠠᠶᠢᠷᠢ ᠶᠢ ᠡᠵᠡᠯᠡᠪᠠ᠃ ᠤᠷᠳᠤᠰ ᠤᠨ ᠠᠩᠭᠢ ᠨᠢᠬᠡ ᠪᠥᠮᠪᠦᠭᠡ ᠬᠤᠴᠤᠷᠤᠬᠰᠠᠨ ᠪᠠᠶᠢᠳᠠᠯ ᠲᠤᠤᠷ᠎ᠠ ᠬᠥᠴᠥᠨ ᠢᠶᠠᠨ ᠨᠢᠬᠳᠠᠷᠠᠭᠤᠯᠤᠨ ᠲᠡᠮᠡᠴᠡᠵᠥ᠂ ᠲᠡᠭᠡᠷ᠎ᠠ ᠬᠠᠭᠠᠰ ᠲᠠᠯᠠᠪᠠᠢ ᠤᠷᠤᠯᠳᠤᠭᠠᠨ ᠳᠤ ᠭᠡᠳᠡᠷᠬᠦ ᠪᠠᠨ 2᠄ 1 ᠶᠢᠨ ᠬᠠᠷᠢᠴᠠᠯ ᠢᠶᠠᠷ ᠬᠥᠯᠥᠨ ᠪᠤᠶᠢᠷ ᠤᠨ ᠠᠩᠭᠢ ᠶᠢ ᠳᠠᠪᠡᠪᠡ᠃ ᠲᠤᠤᠷ᠎ᠠ ᠬᠠᠭᠠᠰ ᠲᠠᠯᠠᠪᠠᠢ ᠳᠤ ᠬᠤᠶᠠᠷ ᠠᠩᠭᠢ ᠶᠢᠨ ᠲᠠᠮᠢᠷᠴᠢᠨ ᠬᠥᠴᠤᠨ ᠴᠢᠳᠠᠯ ᠢᠶᠠᠨ ᠭᠠᠶᠢᠬᠠᠭᠤᠯᠵᠥ᠂ ᠨᠢᠭᠡᠨ ᠦᠶ᠎ᠡ 3᠄ 3 ᠶᠢᠨ ᠬᠠᠷᠢᠴᠠᠯ ᠢᠶᠠᠷ ᠬᠦᠴᠦᠨ ᠲᠡᠩᠴᠡᠵᠦ᠂ ᠤᠷᠤᠯᠳᠤᠭᠠᠨ ᠨᠠᠩ ᠬᠤᠷᠴᠠ ᠰᠢᠷᠤᠬᠦᠨ ᠪᠤᠯᠵᠤ ᠢᠷᠠᠪᠠ᠃ ᠤᠷᠤᠯᠳᠤᠭᠠᠨ ᠤ ᠴᠠᠬ ᠨᠢᠬᠡ ᠮᠢᠨᠦ᠋ᠲ ᠰᠢᠬᠠᠮ ᠥᠯᠡᠳᠠᠵᠥ ᠪᠠᠶᠢᠬᠰᠠᠨ ᠲᠡᠷᠡ ᠮᠥᠴᠠ ᠳᠤ᠂ ᠬᠥᠯᠥᠨ ᠪᠤᠶᠢᠷ ᠤᠨ ᠠᠩᠭᠢ ᠨᠢ ᠪᠥᠮᠪᠦᠭᠡ ᠲᠠᠮᠵᠢᠭᠤᠯᠬᠤ ᠶᠠᠪᠤᠴᠠ ᠳᠠᠭᠠᠨ ᠠᠯᠳᠠᠭ᠎ᠠ ᠭᠠᠷᠭᠠᠨ ᠤᠷᠳᠤᠰ ᠤᠨ ᠠᠩᠭᠢ ᠳᠤ ᠵᠠᠪᠰᠢᠶᠠᠨ ᠤᠯᠭᠤᠵᠥ᠂ ᠲᠠᠮᠢᠷᠴᠢᠨ ᠢᠤᠢ ᠯᠥᠡᠭ ᠵᠠᠪᠰᠢᠶᠠᠨ ᠢ ᠲᠠᠯᠢᠮᠳᠠᠭᠤᠯᠤᠨ ᠡᠰᠡᠷᠬᠦ ᠡᠳᠡᠭᠡᠳ ᠤᠨ ᠡᠬᠦᠳᠠᠨ ᠳᠤ ᠨᠢᠬᠡ ᠪᠥᠮᠪᠦᠭᠡ ᠢᠰᠭᠦᠯᠦᠨ ᠤᠷᠤᠭᠤᠯᠵᠥ᠂ ᠤᠷᠳᠤᠰ ᠤᠨ ᠠᠩᠭᠢ 4᠄ 3 ᠶᠢᠨ ᠬᠠᠷᠢᠴᠠᠯ ᠢᠶᠠᠷ ᠤᠷᠤᠯᠳᠤᠭᠠᠨ ᠳᠤ ᠲᠥᠷᠥᠬᠦᠯᠡᠭᠰᠡᠨ ᠪᠠᠶᠢᠨ᠎ᠠ᠃ ( ᠦᠷᠭᠡᠨ )


ᠢᠷᠡᠯᠳᠡ : 

 ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ