1.jpg

ᠦᠨᠲᠦᠰᠦᠲᠡᠨ ᠤ ᠰᠢᠯᠢᠲᠡᠭ ᠰᠤᠶᠤᠯ ‍ᠢ ᠤᠯᠠᠮᠵᠢᠯᠠᠨ ᠪᠠᠲᠠᠷᠠᠭᠤᠯᠵᠤ᠂ ᠤᠷᠤᠨ ᠨᠤᠲᠤᠭ ‍ᠤᠨ ᠤᠨᠴᠠᠯᠢᠭ ᠪᠦᠬᠦᠢ ᠰᠤᠶᠦᠯ ‍ᠤᠨ ᠨᠡᠷ᠎ᠡ ᠲᠡᠮᠲᠡᠭ ‍ᠢ ᠡᠬᠦᠳᠬᠦ ᠪᠡᠷ ᠬᠠᠷᠠᠯᠲᠠ ᠪᠡᠨ ᠪᠤᠯᠭᠠᠨ᠂ ᠭᠠᠭᠴᠠᠮᠤᠲᠤ ᠪᠠᠯᠭᠠᠰᠤᠨ ᠤ ᠰᠤᠶᠤᠯ ‍ᠤᠨ ᠰᠤᠯᠢᠯᠴᠠᠭ᠎ᠠ ᠵᠢ ᠬᠦᠨᠵᠡᠭᠡᠶᠢᠷᠡᠬᠦᠯᠦᠨ ᠬᠦᠭᠵᠢᠬᠦᠯᠵᠦ᠂ ᠲᠤᠮᠲᠠᠲᠤ ᠮᠤᠩᠭᠤᠯ ᠬᠤᠶᠠᠷ ᠤᠯᠤᠰ ᠤᠨ ᠠᠵᠤ ᠠᠬᠤᠢ᠂ ᠰᠤᠶᠤᠯ ᠪᠠ ᠠᠷᠠᠯᠵᠢᠶᠠᠨ ᠤ ᠰᠤᠯᠢᠯᠴᠠᠭ᠎ᠠ ᠵᠢ ᠠᠬᠢᠭᠤᠯᠬᠤ ᠵᠢᠨ ᠲᠤᠰᠠᠲᠠ 1 ᠰᠠᠷ᠎ᠡ ᠵᠢᠨ 19 ᠤ ᠡᠲᠦᠷ ᠡᠴᠠ 20 ᠤ ᠡᠲᠦᠷ ᠪᠤᠯᠲᠠᠯ᠎ᠠ᠂ ᠭᠠᠭᠴᠠᠮᠤᠲᠤ ᠪᠤᠭᠤᠮᠲᠠ ᠨᠢ 《ᠮᠦᠩᠬᠦᠨ ᠭᠠᠭᠴᠠᠮᠤᠲᠤ》ᠲᠤᠮᠲᠠᠲᠤ ᠮᠤᠩᠭᠤᠯ ᠤᠯᠠᠨ ᠤᠯᠤᠰ ‍ᠤᠨ ᠨᠠᠭᠠᠲᠤᠮ ‍ᠢ ᠡᠷᠬᠢᠯᠡᠨ ᠬᠢᠭᠰᠡᠨ ᠪᠠᠶᠢᠨ᠎ᠠ᠃

ᠭᠠᠭᠴᠠᠮᠲᠤ ᠪᠤᠭᠤᠮᠲᠠ ᠨᠢ ᠮᠤᠩᠭᠤᠯ ᠤᠯᠤᠰ ‍ᠤᠨ ᠭᠠᠰᠢᠭᠤᠨᠰᠤᠬᠠᠶᠢᠲᠤ ᠪᠤᠭᠤᠮᠲᠠ ᠲᠠᠢ ᠨᠢᠭᠤᠷᠯᠠᠵᠤ᠂ 1992 ᠤᠨ ᠤ 6 ᠰᠠᠷ᠎ᠠ ᠳ᠋ᠥ ᠤᠯᠤᠰ ‍ᠤᠨ ᠨᠢᠭᠡᠲᠦᠭᠡᠷ ᠲᠦᠷᠦᠯ ‍ᠤᠨ ᠤᠯᠠᠷᠢᠯ ‍ᠤᠨ ᠴᠢᠨᠠᠷᠲᠡᠢ ᠪᠤᠭᠤᠮᠲᠠ ᠪᠡᠷ ᠵᠦᠪᠰᠢᠶᠡᠷᠡᠭᠲᠡᠵᠦ᠂ 2009 ᠤᠨ ᠤ 8 ᠰᠠᠷ᠎ᠠ ᠳ᠋ᠥ ᠪᠠᠶᠢᠩᠭᠤ ᠨᠡᠭᠡᠭᠡᠭᠲᠡᠬᠦ ᠪᠤᠭᠤᠮᠲᠠ ᠪᠤᠯᠤᠭᠰᠠᠨ ᠶᠤᠮ᠃ ᠪᠤᠭᠤᠮᠲᠠ ᠨᠡᠭᠡᠭᠡᠭᠲᠡᠭᠰᠡᠨ ᠡᠴᠠ ᠨᠠᠰᠢ 184 ᠳ᠋ᠦᠩᠰᠢᠭᠤᠷ ᠲᠦᠬᠦᠷᠢᠭ ‍ᠤᠨ ᠪᠡᠯᠡ ᠤᠷᠤᠭᠤᠯᠤᠨ᠂ ᠪᠤᠭᠤᠮᠲᠠ ᠵᠢᠨ ᠡᠯ᠎ᠠ ᠵᠦᠢᠯ ‍ᠤᠨ ᠰᠠᠭᠤᠷᠢ ᠪᠦᠲᠦᠭᠡᠨ ᠪᠠᠶᠢᠭᠤᠯᠤᠯᠲᠠ ᠵᠢ ᠰᠢᠯᠢᠲᠡᠭᠵᠢᠬᠦᠯᠦᠭᠰᠡᠨ ᠪᠠᠶᠢᠨ᠎ᠠ᠃ ᠪᠤᠭᠤᠮᠲᠠ ᠨᠡᠭᠡᠭᠡᠭᠲᠡᠭᠰᠡᠨ ᠡᠴᠠ ᠤᠲᠤ ᠪᠤᠯᠲᠠᠯ᠎ᠠ᠂ ᠬᠢᠯᠢ ᠪᠡᠷ ᠤᠷᠤᠵᠤ ᠭᠠᠷᠤᠭᠰᠠᠨ ᠬᠦᠮᠦᠨ ᠤ ᠲᠤᠭ᠎ᠠ 480 ᠲᠦᠮᠡᠨ ᠤᠲᠠᠭ᠎ᠠ᠂ ᠮᠠᠰᠢᠨ ᠲᠡᠷᠭᠡ 330 ᠲᠦᠮᠡᠨ ᠤᠲᠠᠭ᠎ᠠ ᠪᠤᠯᠵᠤ᠂ ᠪᠤᠭᠤᠮᠲᠠ ᠪᠡᠷ ᠤᠷᠤᠭᠤᠯᠵᠤ ᠭᠠᠷᠭᠠᠭᠰᠠᠨ ᠪᠠᠷᠠᠭᠠᠨ ᠤ ᠶᠡᠷᠦᠩᠭᠡᠢ ᠭᠡᠮᠵᠢᠶ᠎ᠠ 1.2 ᠳ᠋ᠦᠩᠰᠢᠭᠤᠷ ᠲᠤᠨ ᠳ᠋ᠥ ᠬᠦᠷᠴᠦ᠂ 1200 ᠳ᠋ᠦᠩᠰᠢᠭᠤᠷ ᠲᠦᠬᠦᠷᠢᠭ ‍ᠤᠨ ᠠᠷᠠᠯᠵᠢᠶᠠᠨ ᠤ ᠦᠷᠲᠡᠭ ‍ᠢ ᠪᠡᠶᠡᠯᠡᠬᠦᠯᠦᠨ᠂ 200 ᠳ᠋ᠦᠩᠰᠢᠭᠤᠷ ᠰᠢᠬᠠᠮ ᠲᠦᠬᠦᠷᠢᠭ ‍ᠤᠨ ᠭᠠᠶᠢᠯᠢ ᠵᠢ ᠡᠬᠦᠳᠴᠦ᠂ ᠪᠦᠬᠦ ᠤᠯᠤᠰ ‍ᠤᠨ ᠪᠠᠷᠠᠭᠠᠨ ᠤ ᠦᠩᠭᠡᠷᠡᠯᠲᠡ ᠬᠠᠮᠤᠭ ‍ᠤᠨ ᠶᠡᠭᠡ᠂ ᠠᠷᠠᠯᠵᠢᠶᠠᠨ ᠤ ᠬᠡᠮᠵᠢᠶ᠎ᠠ ᠬᠠᠮᠤᠭ ‍ᠤᠨ ᠤᠯᠠᠨ ᠬᠠᠭᠤᠷᠠᠢ ᠵᠠᠮ ‍ᠤᠨ ᠪᠤᠭᠤᠮᠲᠠ ᠪᠤᠯᠤᠭᠰᠠᠨ ᠪᠠᠶᠢᠨ᠎ᠠ᠃ ᠪᠤᠭᠤᠮᠲᠠ ᠵᠢᠨ ᠠᠷᠠᠯᠵᠢᠶᠠᠨ ᠤ ᠬᠦᠭᠵᠢᠯᠲᠡ ᠵᠢ ᠲᠠᠭᠠᠯᠲᠤᠨ᠂ ᠲᠤᠮᠲᠠᠲᠤ ᠮᠤᠩᠭᠤᠯ ᠬᠤᠶᠠᠷ ᠤᠯᠤᠰ ‍ᠤᠨ ᠠᠵᠤ ᠠᠬᠤᠢ ᠵᠢᠨ ᠰᠤᠯᠢᠯᠴᠠᠭ᠎ᠠ ᠪᠡ ᠬᠠᠮᠲᠤᠷᠠᠯᠴᠠᠭ᠎ᠠ ᠤᠯᠠᠮ ᠨᠢᠭᠡ ᠠᠯᠬᠤᠮ ᠦᠷᠭᠡᠵᠢᠵᠦ᠂ ᠦᠪᠦᠷ ᠮᠤᠩᠭᠤᠯ ‍ᠤᠨ ᠤᠮᠠᠷᠠᠰᠢ ᠨᠡᠭᠡᠭᠡᠯᠲᠡ ᠲᠠᠢ ᠠᠵᠢᠯᠯᠠᠬᠤ ᠠᠷᠠᠯᠵᠢᠶᠠᠨ ᠤ ᠴᠢᠬᠤᠯᠠ ᠭᠠᠵᠠᠷ ‍ᠤᠨ ᠨᠢᠭᠡ ᠪᠤᠯᠤᠭᠰᠠᠨ ᠪᠦᠭᠡᠳ ᠡᠧᠣᠢᠷᠣᠫᠠ᠎ ᠡᠠᠽᠢᠶ᠎ᠡ ᠵᠢᠠ ᠡᠬᠡ᠎ ᠬᠠᠭᠣᠷᠠᠢ ᠵᠢ ᠬᠤᠯᠪᠤᠭᠰᠠᠨ ᠴᠢᠬᠤᠯᠠ ᠬᠤᠯᠪᠤᠭᠠᠰᠤ ᠵᠢᠨ ᠨᠢᠭᠡ ᠪᠤᠯᠤᠭᠰᠠᠨ ᠪᠠᠶᠢᠨ᠎ᠠ᠃

ᠬᠤᠶᠠᠷ ᠡᠲᠦᠷ ᠶᠠᠪᠤᠭᠲᠠᠭᠰᠠᠨ ᠨᠠᠭᠠᠲᠤᠮ ᠳ᠋ᠥ᠂ ᠮᠤᠩᠭᠤᠯ ᠤᠯᠤᠰ ᠬᠢᠭᠡᠳ ᠬᠦᠯᠦᠨ ᠪᠤᠶᠢᠷ᠂ ᠤᠯᠠᠭᠠᠨᠬᠠᠲᠠ᠂ ᠰᠢᠯᠢ ᠵᠢᠨ ᠭᠤᠤᠯ ᠵᠡᠷᠭᠡ ᠪᠦᠬᠦ ᠤᠷᠤᠨ ᠤ ᠡᠯ᠎ᠡ ᠭᠠᠵᠠᠷ ᠡᠴᠠ ᠬᠦᠷᠦᠯᠴᠡᠨ ᠢᠷᠡᠭᠰᠡᠨ ᠬᠦᠴᠦᠲᠦ 128 ᠪᠦᠭᠡ ᠲᠡᠯᠡᠭᠡᠢ ᠬᠤᠲᠤᠯᠵᠠᠲᠠᠯ᠎ᠠ ᠲᠡᠪᠢᠵᠦ᠂ ᠮᠤᠩᠭᠤᠯ ᠤᠯᠤᠰ ‍ᠤᠨ ᠤᠯᠤᠰ ‍ᠤᠨ ᠠᠷᠰᠯᠠᠨ ᠪᠦᠷᠢᠨᠲᠡᠬᠦᠰ ᠤᠲᠤᠯᠠᠵᠤ᠂ ᠮᠤᠩᠭᠤᠯ ᠤᠯᠤᠰ ‍ᠤᠨ ᠪᠦᠭᠡᠴᠢᠨ ᠪᠠᠶᠠᠷᠪᠠᠭᠠᠲᠤᠷ᠂ ᠳ᠋ᠠᠰᠢ᠂ ᠰᠢᠯᠢ ᠵᠢᠨ ᠭᠤᠤᠯ ᠠᠶᠢᠮᠠᠭ ‍ᠤᠨ ᠠᠯᠲᠠᠷᠲᠤ ᠪᠦᠭᠡᠴᠢᠨ ᠪᠠᠲᠤᠵᠢᠷᠭᠠᠯ ᠲᠡᠭᠡᠲᠦ ᠲᠦᠷᠪᠡ ᠳ᠋ᠥ ᠲᠤᠲᠤᠷᠠᠪᠠ᠃ ᠰᠤᠷ ᠬᠠᠷᠪᠤᠭᠠᠨ ᠤ ᠤᠷᠤᠯᠲᠤᠭᠠᠨ ᠳ᠋ᠥ ᠤᠷᠠᠳ ‍ᠤᠨ ᠬᠤᠶᠢᠲᠤ ᠬᠤᠰᠢᠭᠤᠨ ᠤ ᠮᠦᠩᠭᠡᠵᠢᠷᠭᠠᠯ᠂ ᠲᠠᠷᠬᠠᠨ ᠮᠤᠤᠮᠢᠩᠭᠠᠨ ᠬᠤᠰᠢᠭᠤᠨ ᠤ ᠤᠶᠤᠨᠴᠡᠴᠡᠭ ᠡᠷᠡᠭᠡᠢ ᠮᠡᠷᠭᠡᠨ ᠵᠢᠡᠨ ᠭᠠᠶᠢᠬᠠᠭᠤᠯᠵᠤ᠂ 30 ᠭᠠᠵᠠᠷ ‍ᠤᠨ ᠬᠤᠯᠠ ᠵᠢᠨ ᠮᠤᠷᠢᠨ ᠤ ᠤᠷᠤᠯᠲᠤᠭᠠᠨ ᠳ᠋ᠥ ᠪᠠᠷᠠᠭᠤᠨ ᠦᠵᠦᠮᠦᠴᠢᠨ ᠤ ᠰᠢᠯᠢᠲᠡᠭ ‍ᠤᠨ ᠬᠠᠯᠲᠠᠷ ᠮᠤᠷᠢ ᠬᠤᠷᠲᠤᠯᠠᠨ᠂ 30 ᠭᠠᠵᠠᠷ ‍ᠤᠨ ᠲᠡᠮᠡᠭᠡᠨ ᠤ ᠤᠷᠤᠯᠲᠤᠭᠠᠨ ᠳ᠋ᠥ ᠤᠷᠠᠳ ‍ᠤᠨ ᠬᠤᠶᠢᠲᠤ ᠬᠤᠰᠢᠭᠤᠨ ᠤ ᠰᠤᠶᠤᠯᠲᠤ ᠵᠢᠨ ᠤᠷᠤᠭ ᠰᠢᠷ᠎ᠠ ᠲᠡᠷᠢᠬᠦᠯᠡᠵᠤ᠂ ᠦᠵᠡᠭᠴᠢ ᠲᠦᠮᠡᠨ ᠳ᠋ᠥ ᠪᠡᠨ ᠱᠠᠭᠰᠢᠭᠲᠠᠯ᠎ᠠ᠃ ᠨᠠᠭᠠᠲᠤᠮ ᠳ᠋ᠥ ᠪᠠᠰᠠ ᠤᠯᠠᠨ ᠤᠯᠤᠰ ‍ᠤᠨ ᠰᠢᠲᠠᠷ᠎᠎ᠠ᠂ ᠮᠤᠲ᠋ᠤᠷ ‍ᠤᠨ ᠤᠷᠤᠯᠲᠤᠭᠠᠨ᠂ ᠮᠢᠩᠭᠠᠨ ᠬᠦᠮᠦᠨ ᠤ ᠠᠯᠬᠤᠬᠤ ᠤᠷᠤᠯᠲᠤᠭᠠᠨ᠂ ᠭᠠᠩᠭᠠᠩ ᠪᠤᠤᠷ᠎ᠠ ᠰᠢᠯᠭᠠᠷᠠᠭᠤᠯᠬᠤ᠂ ᠲᠡᠮᠡᠭᠡᠨ ᠪᠦᠮᠪᠦᠭᠡ᠂ ᠱᠠᠭ᠎ᠠ ᠵᠢᠨ ᠤᠷᠤᠯᠲᠤᠭᠠᠨ᠂ ᠪᠤᠶᠢᠯᠠ ᠵᠤᠷᠭᠤᠬᠤ᠂ ᠲᠡᠭᠡᠰᠤ ᠲᠠᠮᠤᠬᠤ ᠵᠡᠷᠭᠡ ᠭᠤᠷᠪᠠᠨ ᠶᠡᠭᠡ ᠲᠦᠷᠦᠯ ‍ᠤᠨ ᠬᠤᠷᠢ ᠭᠠᠷᠤᠢ ᠵᠦᠢᠯ ‍ᠤᠨ ᠤᠷᠤᠯᠲᠤᠭᠠᠨ ‍ᠢ ᠶᠠᠪᠤᠭᠲᠠᠭᠤᠯᠵᠤ ᠮᠦᠩᠬᠦᠨ ᠡᠪᠤᠯ ‍ᠢ ᠮᠤᠩᠭᠤᠯ ᠰᠤᠶᠤᠯ ᠵᠢᠡᠷ ᠵᠢᠡᠨ ᠴᠢᠮᠡᠭᠰᠡᠨ ᠪᠠᠶᠢᠨ᠎ᠠ᠃ ᠡᠬᠦᠨ ᠡᠴᠠ ᠭᠠᠲᠠᠨ᠎ᠠ ᠲᠤᠮᠲᠠᠲᠤ ᠮᠤᠩᠭᠤᠯ ᠬᠤᠶᠠᠷ ᠤᠯᠤᠰ ‍ᠤᠨ ᠤᠷᠠᠯᠢᠭᠴᠢᠳ ᠠᠶ᠎ᠠ ᠲᠠᠭᠤᠤ ᠪᠡᠨ ᠡᠷᠬᠦᠵᠦ᠂ ᠨᠠᠭᠠᠲᠤᠮ ᠳ᠋ᠥ ᠬᠦᠭ ᠨᠡᠮᠡᠯ᠎ᠠ᠃

ᠨᠢᠵᠢᠬᠢᠷ ᠰᠠᠶᠢᠬᠠᠨ ᠶᠠᠪᠤᠭᠲᠠᠭᠰᠠᠨ《ᠮᠦᠩᠬᠦᠨ ᠭᠠᠭᠴᠠᠮᠤᠲᠤ》 ᠲᠤᠮᠲᠠᠲᠤ ᠮᠤᠩᠭᠤᠯ ᠤᠯᠠᠨ ᠤᠯᠤᠰ ‍ᠤᠨ ᠨᠠᠭᠠᠲᠤᠮ ᠨᠢ ᠲᠤᠮᠲᠠᠲᠤ ᠮᠤᠩᠭᠤᠯ ᠬᠤᠶᠠᠷ ᠤᠯᠤᠰ ‍ᠤᠨ ᠠᠷᠠᠯᠵᠢᠶ᠎ᠠ ᠬᠤᠲᠠᠯᠲᠤᠭ᠎ᠠ᠂ ᠰᠤᠶᠤᠯ᠂ ᠠᠶᠠᠯᠠᠯ ᠵᠢᠭᠤᠯᠴᠢᠯᠠᠯ ‍ᠤᠨ ᠬᠦᠷᠢᠶᠡᠨ ᠳ᠋ᠡᠬᠢ ᠰᠤᠯᠢᠯᠴᠠᠭ᠎ᠠ ᠬᠠᠮᠲᠤᠷᠠᠯᠴᠠᠭ᠎ᠠ ᠵᠢ ᠠᠬᠢᠭᠤᠯᠬᠤ᠂ ᠨᠡᠩ ᠤᠯᠠᠨ ᠬᠦᠮᠦᠨ ᠳᠤ ᠤᠷᠠᠳ ᠰᠤᠶᠤᠯ ‍ᠢ ᠤᠶᠢᠯᠠᠭᠠᠭᠤᠯᠬᠤ᠂ ᠤᠮᠠᠷᠠᠲᠤ ᠬᠢᠯᠢ ᠵᠢᠨ ᠠᠮᠢ ᠠᠬᠤᠢ ᠵᠢᠨ ᠠᠶᠠᠯᠠᠯ ᠵᠢᠭᠤᠯᠴᠢᠯᠠᠯ ‍ᠢ ᠬᠦᠭᠵᠢᠬᠦᠯᠬᠦ ᠳ᠋ᠥ ᠴᠢᠬᠤᠯᠠ ᠦᠢᠯᠡᠲᠤᠯ ᠦᠵᠡᠬᠦᠯᠦᠭᠰᠡᠨ ᠪᠠᠶᠢᠨ᠎ᠠ᠃ ( ᠪᠠ‍ ᠪᠦᠭᠡ᠂ ᠬᠦᠰᠡᠯ )

ᠢᠷᠡᠯᠳᠡ : 

ᠰᠢᠨᠬᠤᠧᠠ ᠮᠤᠩᠭᠤᠯ ᠨᠧᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ