ᠦᠰᠦ ᠭᠡᠵᠢᠭᠡ ᠦᠡᠭᠭᠡ ᠭᠡᠷᠡᠯ ᠲᠠᠢ ᠰᠠᠶᠢᠬᠠᠨ ᠪᠠᠶᠢᠪᠠᠯ ᠬᠦᠮᠦᠨ ᠴᠤᠬ ᠵᠤᠯᠢ ᠪᠠᠳᠠᠷᠠᠵᠦ᠂ ᠡᠪᠡᠳᠴᠢᠨ ᠡᠮᠬᠡᠭ ᠴᠦ ᠵᠠᠶᠢᠳᠠᠨ᠎ᠠ᠃ ᠦᠰᠦ ᠭᠡᠵᠢᠭᠡ ᠨᠢ ᠦᠷᠪᠦᠢᠢᠵᠦ ᠰᠦᠷᠪᠦᠢᠢᠭᠡᠳ ᠡᠷᠡᠭᠦᠯ ᠰᠠᠶᠢᠬᠠᠨ ᠦᠡᠭᠭᠡ ᠦᠭᠡᠢ ᠪᠠᠶᠢᠪᠠᠯ ᠬᠦᠮᠦᠨ ᠰᠦᠷ ᠰᠦᠯᠳᠡ ᠦᠭᠡᠢ ᠡᠪᠡᠳᠴᠢᠨ ᠬᠠᠭᠤᠴᠢᠨ ᠳ᠋ᠦ ᠳᠠᠷᠤᠬᠳᠠᠬᠰᠠᠨ ᠶᠤᠮ ᠰᠢᠬ ᠵᠤᠳᠠᠷᠠᠭᠤ ᠮᠠᠭᠤᠬᠠᠢ ᠬᠠᠷᠠᠬᠳᠠᠨ᠎ᠠ᠃

 ᠠᠬᠠᠮᠠᠳ ᠲᠤᠮᠤᠭᠠᠲᠠᠨ ᠮᠠᠨᠢ ᠶᠡᠷᠦᠨᠢ ᠮᠠᠨᠤᠰ ᠢ ᠦᠰᠦ ᠭᠡᠵᠢᠭᠡ ᠪᠡᠨ ᠳᠠᠷᠤᠭᠤᠯᠵᠦ᠂ ᠤᠭᠢᠶᠠᠵᠦ ᠴᠡᠪᠡᠷᠯᠡᠭᠡᠳ ᠵᠠᠰᠠᠵᠦ ᠴᠢᠮᠡᠵᠦ ᠶᠠᠪᠤᠬᠤ ᠬᠡᠷᠡᠭᠲᠡᠢ ᠭᠡᠵᠦ ᠰᠤᠷᠭᠠᠳᠠᠬ ᠪᠠᠶᠢᠬᠰᠠᠨ᠃ ᠦᠰᠦ ᠭᠡᠵᠢᠭᠡ ᠪᠡᠨ ᠰᠠᠮᠨᠠᠬᠤ ᠦᠭᠡᠢ᠂ ᠤᠭᠢᠶᠠᠵᠦ ᠠᠷᠢᠯᠭᠠᠬᠤ ᠦᠭᠡᠢ ᠰᠡᠭᠰᠡᠶᠢᠯᠭᠡᠨ ᠵᠤᠡᠭᠬᠠᠬᠳᠠᠭᠤᠯᠤᠨ ᠶᠠᠪᠤᠬᠤ ᠶᠢ ᠲᠦᠢᠯ ᠢᠶᠡᠷ ᠵᠢᠭᠰᠢᠳᠡᠭ᠃

 ᠡᠳᠦᠭᠡ ᠶᠢᠨ ᠡᠷᠡᠨ ᠳ᠋ᠦ᠂ ᠦᠰᠦ ᠭᠡᠵᠢᠭᠡ ᠪᠡᠨ ᠬᠠᠮᠠᠭᠠᠯᠠᠬᠤ ᠶᠢ ᠠᠡᠭᠬᠠᠷᠬᠤ ᠦᠭᠡᠢ᠂ ᠪᠠᠶᠢᠡᠭᠭᠤ ᠰᠢᠷ᠎ᠠ ᠤᠯᠠᠭᠠᠨ ᠢᠶᠡᠷ ᠪᠤᠳᠤᠬᠤ᠂ ᠠᠲᠤᠷᠢᠭᠤᠯᠬᠤ᠂ ᠲᠡᠭᠰᠢᠯᠡᠬᠦ ᠭᠡᠳ ᠤᠯᠠᠨ ᠶᠠᠡᠭᠵᠦ ᠶᠢᠨ ᠡᠮ ᠲᠠᠡᠭ ᠵᠠᠷᠤᠵᠦ ᠬᠠᠯᠠᠭᠠᠵᠦ ᠰᠢᠳᠠᠭᠠᠬᠰᠠᠭᠠᠷ ᠪᠠᠶᠢᠭᠠᠳ ᠦᠰᠦ ᠭᠡᠵᠢᠭᠡ ᠪᠡᠨ ᠪᠦᠷ ᠦᠡᠭᠭᠡ ᠪᠤᠳᠤᠬ ᠦᠭᠡᠢ ᠪᠤᠯᠭᠠᠵᠦ᠂ ᠨᠡᠡᠭ ᠴᠢᠨᠠᠬᠰᠢᠯᠠᠭᠠᠳ ᠡᠯᠳᠡᠪ ᠰᠠᠶᠢᠬᠠᠨ ᠦᠡᠭᠭᠡ ᠵᠢᠰᠦ ᠪᠡᠨ ᠦᠭᠡᠶᠢᠬᠢᠵᠦ᠂ ᠡᠪᠡᠳᠴᠢᠨ ᠡᠮᠵᠡᠭ ᠤᠯᠵᠦ ᠪᠠᠶᠢᠭ᠎ᠠ ᠵᠢᠱᠢᠶ᠎ᠡ ᠴᠦ ᠮᠠᠨ ᠤ ᠠᠮᠢᠳᠤᠷᠠᠯ ᠤᠨ ᠳᠤᠮᠳᠠ ᠴᠦᠬᠡᠨ ᠪᠤᠰᠤ ᠪᠠᠶᠢᠭ᠎ᠠ ᠪᠢᠯᠡ᠃

 ᠬᠡᠯᠡᠯᠭᠡᠨ ᠦᠭᠡᠢ᠂ ᠬᠦᠮᠦᠰ ᠠᠳᠠᠯᠢ ᠪᠤᠰᠤ ᠶᠢᠨ ᠲᠠᠯᠠᠪᠤᠷ ᠲᠦ ᠭᠡᠵᠢᠭᠡ ᠪᠡᠨ ᠶᠠᠡᠭᠵᠦ ᠪᠦᠷᠢ ᠶᠢᠨ ᠬᠡᠯᠪᠡᠷᠢ ᠪᠡᠷ ᠵᠠᠰᠠᠵᠦ ᠭᠤᠶᠤᠯᠠᠬᠰᠠᠨ ᠴᠦ ᠡᠷᠡᠭᠦᠯ ᠰᠠᠶᠢᠬᠠᠨ ᠦᠡᠭᠭᠡ ᠭᠢᠯᠪᠠᠭ᠎ᠠ ᠲᠠᠢ ᠪᠠ ᠦᠵᠡᠬᠦ ᠳ᠋ᠦ ᠡᠪᠯᠢᠭ ᠪᠠᠶᠢᠯᠭᠠᠬᠤ ᠪᠤᠯ ᠬᠠᠮᠤᠬ ᠤᠨ ᠴᠢᠬᠤᠯᠠ ᠭᠡᠳᠡᠭ ᠢ ᠠᠡᠭᠬᠠᠷᠬᠤ ᠬᠡᠷᠡᠭᠲᠡᠢ ᠶᠤᠮ᠃ ᠡᠶᠢᠮᠦ ᠡᠴᠡ ᠪᠢᠳᠡ ᠭᠤᠶᠤ ᠲᠡᠭᠡᠷ᠎ᠡ ᠪᠡᠨ ᠡᠷᠡᠭᠦᠯ ᠪᠠᠶᠢᠯᠭᠠᠬᠤ ᠮᠡᠳᠡᠯᠭᠡ ᠶᠢ ᠡᠵᠡᠮᠰᠢᠬᠦ ᠬᠡᠷᠡᠭᠲᠡᠢ ᠪᠠᠶᠢᠳᠠᠬ᠃ ᠳᠤᠤᠷ᠎ᠠ ᠭᠡᠵᠢᠭᠡ ᠪᠡᠨ ᠬᠠᠶᠢᠷᠠᠯᠠᠵᠦ ᠭᠤᠶᠤ ᠰᠠᠶᠢᠬᠠᠨ ᠢ ᠡᠷᠬᠢᠮᠯᠡᠳᠡᠭ ᠬᠦᠮᠦᠰ ᠲᠦ ᠬᠡᠳᠦᠨ ᠵᠦᠢᠯ ᠤᠨ ᠰᠠᠨᠠᠭᠤᠯᠤᠮᠵᠢ ᠦᠭᠭᠦᠶ᠎ᠡ᠄

 ᠨᠢᠭᠡ ᠳ᠋ᠦ᠄ ᠭᠡᠵᠢᠭᠡ ᠪᠡᠨ ᠴᠡᠪᠡᠷ ᠰᠠᠶᠢᠬᠠᠨ ᠪᠠᠶᠢᠯᠭᠠᠬᠤ ᠬᠡᠷᠡᠭᠲᠡᠢ᠃ ᠭᠡᠵᠢᠭᠡᠨ ᠳ᠋ᠦ ᠲᠤᠭᠤᠰᠤ ᠰᠢᠷᠤᠢ ᠤᠷᠤᠯ᠎ᠠ ᠭᠡᠪᠡᠯ ᠦᠰᠦ ᠲᠠᠢ ᠦᠷᠦᠯᠳᠦᠬᠦ ᠡᠴᠡ ᠪᠤᠯᠵᠦ ᠦᠰᠦᠨ ᠰᠢᠷᠬᠡᠭ ᠤᠨ ᠭᠠᠳᠠᠷᠭᠤ ᠶᠢ ᠨᠢ ᠡᠪᠳᠡᠵᠦ ᠦᠰᠦ ᠦᠷᠪᠦᠢᠢᠵᠦ ᠪᠤᠷᠵᠠᠶᠢᠨ᠎ᠠ᠃ ᠵᠠᠷᠢᠮ ᠬᠦᠮᠦᠨ ᠭᠡᠵᠢᠭᠡ ᠪᠡᠨ ᠠᠷᠪᠢᠨ ᠤᠭᠢᠶᠠᠬᠤ ᠨᠢ ᠮᠠᠭᠤ ᠭᠡᠵᠦ ᠦᠵᠡᠳᠡᠭ᠃ ᠡᠨᠡ ᠪᠤᠯ ᠪᠤᠷᠤᠭᠤ ᠦᠵᠡᠯᠳᠡ ᠶᠤᠮ᠃ ᠦᠰᠦ ᠭᠡᠵᠢᠭᠡ ᠭᠬᠢᠷᠳᠦᠵᠦ ᠲᠤᠰᠤᠷᠬᠠᠭᠠᠳ᠂ ᠲᠤᠭᠤᠰᠤ ᠬᠤᠬ ᠲᠦ ᠳᠠᠷᠤᠬᠳᠠᠪᠠᠯ ᠴᠢᠨᠠᠷ ᠢ ᠨᠢ ᠨᠦᠯᠦᠭᠡᠯᠡᠵᠦ᠂ ᠦᠡᠭᠭᠡ ᠭᠢᠯᠪᠠᠭ᠎ᠠ ᠦᠭᠡᠢ ᠪᠤᠯᠭᠠᠳᠠᠬ ᠪᠤᠯᠬᠤᠷ ᠪᠠᠶᠢᠡᠭᠭᠤ ᠤᠭᠢᠶᠠᠵᠦ ᠪᠠᠶᠢᠬᠤ ᠬᠡᠷᠡᠭᠲᠡᠢ᠃ ᠢᠡᠭᠭᠢᠪᠡᠯ ᠦᠰᠦ ᠭᠡᠵᠢᠭᠡ ᠦᠡᠭᠭᠡ ᠲᠠᠢ ᠭᠡᠷᠡᠯ ᠲᠠᠢ ᠮᠦᠷᠳᠡᠬᠡᠨ ᠡᠷᠡᠭᠦᠯ ᠡᠡᠭᠬᠡ ᠳ᠋ᠦ ᠪᠠᠰᠠ ᠲᠤᠰᠠᠲᠠᠢ ᠪᠠᠶᠢᠳᠠᠬ᠃ ᠵᠠᠷᠢᠮ ᠬᠦᠮᠦᠨ ᠴᠦᠬᠡᠨ ᠤᠭᠢᠶᠠᠪᠠᠯ ᠭᠡᠵᠢᠭᠡ ᠤᠨᠠᠬᠤ ᠨᠢ ᠪᠠᠭ᠎ᠠ ᠭᠡᠵᠦ ᠦᠵᠡᠳᠡᠭ᠃ ᠡᠨᠡ ᠨᠢ ᠮᠦᠨ ᠴᠦ ᠪᠤᠷᠤᠭᠤ ᠦᠵᠡᠯᠳᠡ ᠪᠤᠯᠬᠤ ᠶᠤᠮ᠃ ᠭᠡᠵᠢᠭᠡ ᠪᠡᠨ ᠴᠦᠬᠡᠨ ᠤᠭᠢᠶᠠᠳᠠᠬ ᠬᠦᠮᠦᠨ ᠬᠤᠶᠢᠬ᠎ᠠ ᠨᠢ ᠬᠠᠪᠤ ᠦᠭᠡᠢ ᠪᠠᠶᠢᠳᠠᠬ ᠡᠴᠡ ᠲᠤᠯᠤᠭᠠᠢ ᠪᠠᠨ ᠠᠷᠪᠢᠨ ᠮᠠᠭᠠᠵᠢᠳᠠᠬ᠃ ᠢᠡᠭᠭᠢᠬᠦ ᠨᠢ ᠭᠡᠵᠢᠭᠡ ᠨᠡᠡᠭ ᠠᠷᠪᠢᠨ ᠤᠨᠠᠬᠤ ᠮᠦᠷᠳᠡᠬᠡᠨ ᠭᠡᠵᠢᠭᠡᠨ ᠤ ᠬᠠᠬ ᠭᠬᠢᠷ ᠪᠤᠷᠳᠠᠬ ᠨᠢ ᠬᠢᠮᠦᠰᠦᠨ ᠵᠠᠪᠰᠠᠷ ᠤᠷᠤᠭᠠᠳ ᠡᠷᠡᠭᠦᠯ ᠡᠡᠭᠬᠡ ᠶᠢ ᠴᠦ ᠨᠦᠯᠦᠭᠡᠯᠡᠳᠡᠭ᠃

 ᠬᠤᠶᠠᠷ ᠲᠦ᠂ ᠭᠡᠵᠢᠭᠡ ᠪᠡᠨ ᠤᠭᠢᠶᠠᠬᠤ ᠳ᠋ᠠᠭᠠᠨ ᠭᠡᠵᠢᠭᠡ ᠤᠭᠢᠶᠠᠯᠭ᠎ᠠ ᠶᠢᠨ ᠡᠳ᠋ ᠢ ᠰᠢᠭᠤᠳ ᠭᠡᠵᠢᠭᠡᠨ ᠲᠡᠭᠡᠷ᠎ᠡ ᠪᠡᠨ ᠲᠦᠷᠬᠢᠵᠦ ᠪᠤᠯᠬᠤ ᠦᠭᠡᠢ᠃ ᠭᠡᠵᠢᠭᠡ ᠪᠡᠨ ᠴᠡᠪᠡᠷ ᠰᠠᠶᠢᠬᠠᠨ ᠪᠠᠶᠢᠯᠭᠠᠬᠤ ᠶᠢᠨ ᠲᠦᠯᠦᠭᠡ ᠪᠢᠳᠡ ᠪᠠᠶᠢᠡᠭᠭᠤ ᠤᠭᠢᠶᠠᠨ᠎ᠠ᠃ ᠭᠡᠵᠢᠭᠡ ᠤᠭᠢᠶᠠᠬᠤ ᠳ᠋ᠠᠭᠠᠨ ᠠᠡᠭᠬᠠᠷᠬᠤ ᠴᠢᠬᠤᠯᠠᠲᠠᠢ ᠵᠦᠢᠯ ᠮᠦᠨ ᠤᠯᠠᠨ ᠪᠠᠶᠢᠳᠠᠬ᠃ ᠶᠠᠭᠤᠨ ᠤ ᠤᠷᠢᠳ᠂ ᠭᠡᠵᠢᠭᠡ ᠤᠭᠢᠶᠠᠬᠤ ᠦᠶ᠎ᠡ ᠳ᠋ᠦ ᠤᠭᠢᠶᠠᠯᠭ᠎ᠠ ᠶᠢᠨ ᠡᠳ᠋ ᠢᠶᠡᠨ ᠭᠠᠷ ᠤᠨ ᠠᠯᠠᠭᠠᠨ ᠲᠡᠭᠡᠷ᠎ᠡ ᠪᠡᠨ ᠰᠢᠬᠠᠵᠦ ᠭᠠᠷᠭᠠᠭᠠᠳ ᠳᠠᠷᠠᠭ᠎ᠠ ᠨᠢ ᠭᠠᠷ ᠢᠶᠡᠷ ᠢᠶᠡᠨ ᠬᠦᠭᠡᠰᠦᠷᠡᠭᠦᠯᠦᠭᠰᠡᠨ ᠤ ᠳᠠᠷᠠᠭ᠎ᠠ ᠭᠡᠵᠢᠭᠡᠨ ᠲᠡᠭᠡᠷ᠎ᠡ ᠪᠡᠨ ᠲᠦᠷᠬᠢᠪᠡᠯ ᠵᠤᠬᠢᠨ᠎ᠠ᠃ ᠬᠡᠷᠪᠡ ᠰᠢᠭᠤᠳ ᠭᠡᠵᠢᠭᠡᠨ ᠲᠡᠭᠡᠷ᠎ᠡ ᠪᠡᠨ ᠲᠦᠷᠬᠢᠪᠡᠯ ᠲᠡᠷᠡ ᠬᠡᠰᠡᠭ ᠭᠡᠵᠢᠭᠡ ᠶᠢ ᠰᠢᠳᠠᠭᠠᠵᠦ ᠮᠡᠳᠡᠨ᠎ᠡ᠃ ᠪᠠᠰᠠ ᠵᠠᠷᠢᠮ ᠬᠡᠰᠡᠭ ᠤᠨ ᠬᠢᠨᠢ ᠭᠬᠢᠷ ᠪᠤᠷᠳᠠᠬ ᠢ ᠨᠢ ᠤᠭᠢᠶᠠᠵᠦ ᠴᠡᠪᠡᠷᠯᠡᠵᠦ ᠲᠡᠶᠢᠯᠬᠦ ᠦᠭᠡᠢ ᠪᠤᠯᠤᠨ᠎ᠠ᠃ ᠤᠭᠢᠶᠠᠯᠭ᠎ᠠ ᠢᠢᠨ ᠡᠳ᠋ ᠢᠶᠡᠨ ᠲᠦᠷᠬᠢᠭᠰᠡᠨ ᠤ ᠳᠠᠷᠠᠭ᠎ᠠ᠂ ᠭᠡᠵᠢᠭᠡ ᠪᠡᠨ ᠬᠡᠳᠦ ᠤᠳᠠᠭᠠᠨ ᠨᠤᠬᠤᠯᠠᠵᠦ ᠤᠭᠢᠶᠠᠬᠤ ᠪᠤᠶᠤ ᠬᠦᠴᠦᠳᠡᠢ ᠰᠠᠮᠨᠠᠵᠦ ᠪᠤᠯᠬᠤ ᠦᠭᠡᠢ᠃ ᠤᠴᠢᠷ ᠨᠢ ᠭᠡᠵᠢᠭᠡ ᠶᠢ ᠨᠤᠷᠭᠠᠬᠰᠠᠨ ᠤ ᠲᠠᠷᠠᠭ᠎ᠠ ᠶᠡᠷᠦᠨᠢ ᠬᠠᠭᠤᠷᠠᠢ ᠦᠶ᠎ᠡ ᠶᠢᠨ ᠢᠶᠡᠨ ᠬᠢᠷᠢ ᠬᠠᠷᠢᠮᠠᠬᠠᠢ ᠪᠢᠰᠢ ᠪᠤᠯᠳᠠᠬ᠃ ᠪᠠᠰᠠ ᠨᠤᠬᠤᠯᠠᠵᠦ ᠤᠭᠢᠶᠠᠪᠠᠯ ᠦᠷᠦᠯᠳᠦᠬᠦ ᠡᠴᠡ ᠭᠡᠵᠢᠭᠡ ᠶᠢᠨ ᠴᠢᠨᠠᠷ ᠨᠢ ᠮᠠᠭᠤᠳᠠᠨ᠎ᠠ᠃

 ᠭᠤᠷᠪᠠ ᠳ᠋ᠦ᠂ ᠭᠡᠵᠢᠭᠡ ᠪᠡᠨ ᠨᠠᠷᠠᠨ ᠳ᠋ᠦ ᠰᠢᠷᠠᠵᠦ ᠪᠤᠯᠬᠤ ᠦᠭᠡᠢ᠃ ᠭᠡᠵᠢᠭᠡ ᠪᠤᠯ ᠮᠦᠨ ᠬᠦᠮᠦᠨ ᠤ ᠨᠢᠭᠤᠷ ᠴᠢᠷᠠᠢ ᠪᠡᠶ᠎ᠡ ᠲᠠᠢ ᠠᠳᠠᠯᠢᠬᠠᠨ ᠪᠠᠶᠢᠵᠦ᠂ ᠬᠡᠳᠦ ᠤᠯᠠᠭᠠᠨ ᠰᠠᠴᠤᠷᠠᠬ ᠢ ᠰᠡᠷᠬᠡᠶᠢᠯᠡᠬᠦ ᠴᠢᠬᠤᠯᠠᠲᠠᠢ ᠶᠤᠮ᠃ ᠡᠶᠢᠮᠦ ᠡᠴᠡ ᠨᠢᠭᠤᠷ ᠴᠢᠷᠠᠢ ᠪᠠᠨ ᠬᠡᠳᠦ ᠤᠯᠠᠭᠠᠨ ᠤ ᠰᠠᠴᠤᠷᠠᠬ ᠡᠴᠡ ᠬᠠᠮᠠᠭᠠᠯᠠᠬᠤ ᠶᠢᠨ ᠲᠠᠭᠠᠤ ᠭᠡᠵᠢᠭᠡ ᠪᠡᠨ ᠪᠠᠰᠠ ᠬᠠᠮᠠᠭᠠᠯᠠᠬᠤ ᠬᠡᠷᠡᠭᠲᠡᠢ ᠶᠤᠮ᠃ ᠤᠷᠴᠢᠮ ᠤᠨ ᠵᠢᠯ ᠡᠴᠡ ᠨᠠᠰᠢ᠂ ᠤᠷᠤᠢ ᠨᠢ ᠴᠤᠭᠤᠷᠤᠬᠠᠢ ᠮᠠᠯᠠᠭᠠᠢ ᠶᠢ ᠶᠡᠬᠡ ᠵᠡᠭᠦᠬᠦ ᠪᠤᠯᠤᠬᠰᠠᠨ ᠪᠠᠶᠢᠨ᠎ᠠ᠃ ᠡᠨᠡ ᠨᠢ ᠭᠡᠵᠢᠭᠡ ᠨᠢᠭᠤᠷ ᠨᠠᠷᠠᠨ ᠳ᠋ᠦ ᠰᠢᠷᠠᠬᠲᠠᠵᠦ ᠭᠡᠵᠢᠭᠡᠨ ᠤ ᠴᠢᠨᠠᠷ ᠢ ᠮᠠᠭᠤᠳᠠᠭᠤᠯᠬᠤ ᠡᠴᠡ ᠭᠠᠳᠠᠨ᠎ᠠ ᠪᠠᠰᠠ ᠨᠠᠷᠠᠰᠢᠵᠦ ᠮᠡᠳᠡᠨ᠎ᠡ᠃

 ᠳᠦᠷᠪᠡ ᠳ᠋ᠦ᠂ ᠭᠡᠵᠢᠭᠡ ᠪᠡᠨ ᠠᠷᠪᠢᠨ ᠰᠠᠮᠨᠠᠵᠦ ᠪᠤᠯᠬᠤ ᠦᠭᠡᠢ᠃ ᠵᠠᠷᠢᠮ ᠬᠦᠮᠦᠨ ᠭᠡᠵᠢᠭᠡ ᠪᠡᠨ ᠠᠷᠪᠢᠨ ᠰᠠᠮᠨᠠᠪᠠᠯ᠂ ᠭᠡᠵᠢᠭᠡᠨ ᠤ ᠤᠷᠭᠤᠯᠳᠠ ᠳ᠋ᠦ ᠰᠠᠶᠢᠨ ᠭᠡᠵᠦ ᠦᠵᠡᠳᠡᠭ᠃ ᠡᠨᠡ ᠪᠤᠯ ᠪᠤᠷᠤᠭᠤ ᠶᠤᠮ᠃ ᠦᠰᠦ ᠭᠡᠵᠢᠭᠡ ᠶᠢ ᠠᠷᠪᠢᠨ ᠰᠠᠮᠨᠠᠪᠠᠯ᠂ ᠦᠰᠦ ᠭᠡᠵᠢᠭᠡ ᠠᠮᠠᠷᠬᠠᠨ ᠰᠠᠯᠠᠭᠠᠯᠠᠬᠤ ᠪᠤᠶᠤ ᠲᠠᠰᠤᠷᠠᠳᠠᠬ᠃ ᠨᠡᠡᠭ ᠴᠦ ᠶᠡᠬᠡ ᠬᠠᠳᠠᠭᠤ ᠮᠦᠷᠳᠡᠬᠡᠨ ᠰᠢᠳᠦ ᠠᠷᠠᠭ᠎ᠠ ᠨᠢ ᠲᠡᠭᠰᠢ ᠦᠭᠡᠢ ᠰᠡᠮ ᠢᠶᠡᠷ ᠰᠠᠮᠨᠠᠪᠠᠯ ᠭᠡᠵᠢᠭᠡ ᠶᠢ ᠨᠡᠡᠭ ᠢᠯᠡᠭᠦᠦ ᠰᠦᠢᠳᠳᠡᠭ ᠶᠤᠮ᠃ ᠰᠦᠯᠢᠶᠤᠤ ᠰᠠᠮ ᠪᠤᠯᠤᠨ ᠬᠡᠳᠦ ᠨᠠᠷᠢᠨ ᠠᠷᠠᠭ᠎ᠠ ᠲᠠᠢ ᠰᠠᠮ ᠢ ᠴᠢᠳᠠᠬᠤ ᠶᠢᠨ ᠳᠤᠲᠤᠷ᠎ᠠ ᠬᠡᠷᠡᠭᠯᠡᠬᠦ ᠦᠭᠡᠢ ᠪᠠᠶᠢᠪᠠᠯ ᠰᠠᠶᠢᠨ᠃ ᠬᠠᠷᠢᠨ ᠮᠤᠳᠤᠨ ᠰᠠᠮ ᠪᠤᠶᠤ ᠡᠪᠡᠷ ᠰᠠᠮ ᠢ ᠬᠡᠷᠡᠭᠯᠡᠪᠡᠯ ᠮᠠᠭᠤ ᠦᠢᠯᠡᠳᠦᠯ ᠦᠭᠡᠢ ᠪᠦᠭᠡᠳ ᠡᠷᠡᠭᠦᠯ ᠡᠡᠭᠬᠡ ᠶᠢ ᠬᠠᠷᠰᠢᠯᠠᠬᠤ ᠦᠭᠡᠢ ᠪᠠᠶᠢᠳᠠᠬ᠃ ᠡᠭᠦᠨ ᠡᠴᠡ ᠭᠠᠳᠠᠨ᠎ᠠ᠂ ᠪᠠᠰᠠ ᠭᠡᠵᠢᠭᠡ ᠲᠠᠢ ᠠᠮᠠᠷᠬᠠᠨ ᠤᠷᠢᠶᠠᠯᠳᠤᠵᠦ ᠰᠢᠷᠢᠯᠳᠦᠭᠡᠳ ᠰᠠᠯᠬᠤ ᠦᠭᠡᠢ ᠪᠠᠶᠢᠳᠠᠬ ᠭᠡᠵᠢᠭᠡᠨ ᠪᠤᠭᠤᠳᠠᠯ ᠢ ᠬᠡᠷᠡᠭᠯᠡᠬᠦ ᠦᠭᠡᠢ ᠪᠤᠯ ᠰᠠᠶᠢᠨ᠃

 ᠲᠠᠪᠤ ᠳ᠋ᠦ᠂ ᠭᠡᠵᠢᠭᠡ ᠬᠠᠮᠠᠭᠠᠯᠠᠬᠤ ᠡᠳ᠋ ᠢ ᠬᠡᠳᠦ ᠶᠡᠬᠡ ᠬᠡᠷᠡᠭᠯᠡᠵᠦ ᠪᠤᠯᠬᠤ ᠦᠭᠡᠢ᠃ ᠪᠢᠳᠡ ᠭᠡᠵᠢᠭᠡ ᠬᠠᠮᠠᠭᠠᠯᠠᠬᠤ ᠶᠢᠨ ᠲᠦᠯᠦᠭᠡ ᠤᠭᠢᠶᠠᠬᠰᠠᠨ ᠤ ᠪᠠᠨ ᠲᠠᠷᠠᠭ᠎ᠠ ᠭᠡᠵᠢᠭᠡ ᠬᠠᠮᠠᠭᠠᠯᠠᠬᠤ ᠡᠳ᠋ ᠢ ᠬᠡᠷᠡᠭᠯᠡᠳᠡᠭ᠃ ᠲᠡᠭᠦᠨ ᠢ ᠲᠤᠬᠢᠷᠠᠮᠵᠢᠲᠠᠢ ᠬᠡᠷᠡᠭᠯᠡᠪᠡᠯ ᠭᠡᠵᠢᠭᠡ ᠶᠢ ᠬᠠᠮᠠᠭᠠᠯᠠᠵᠦ ᠬᠡᠳᠦ ᠶᠡᠬᠡ ᠬᠡᠷᠡᠭᠯᠡᠪᠡᠯ ᠭᠡᠳᠡᠷᠬᠦ ᠪᠡᠨ ᠬᠤᠶᠢᠬᠠᠨ ᠳ᠋ᠦ ᠨᠠᠭᠠᠯᠳᠤᠵᠦ᠂ ᠭᠡᠵᠢᠭᠡᠨ ᠤ ᠰᠦᠪᠡ ᠶᠢ ᠪᠦᠭᠯᠡᠷᠡᠭᠦᠯᠵᠦ᠂ ᠤᠷᠭᠤᠯᠳᠠ ᠶᠢ ᠨᠦᠯᠦᠭᠡᠯᠡᠬᠦ ᠮᠦᠷᠳᠡᠬᠡᠨ ᠭᠡᠵᠢᠭᠡ ᠠᠮᠠᠷᠬᠠᠨ ᠲᠤᠰᠤᠷᠬᠠᠵᠦ ᠭᠬᠢᠷᠳᠦᠨ᠎ᠡ᠃

 ᠵᠢᠷᠭᠤᠭ᠎ᠠ ᠳ᠋ᠦ᠂ ᠠᠵᠢᠯ ᠶᠠᠭᠠᠷᠠᠤ ᠪᠤᠶᠤ ᠰᠡᠳᠭᠢᠯ ᠤᠨ ᠳᠠᠷᠤᠭᠠᠰᠦ ᠶᠡᠬᠡ ᠪᠠᠶᠢᠬᠤ ᠦᠶ᠎ᠡ ᠳ᠋ᠦ ᠭᠡᠵᠢᠭᠡ ᠪᠡᠨ ᠰᠤᠯᠠᠬᠠᠨ ᠪᠤᠭᠤᠬᠤ ᠪᠤᠶᠤ ᠰᠤᠯᠠ ᠲᠠᠯᠪᠢᠪᠠᠯ ᠰᠠᠶᠢᠨ ᠪᠠᠶᠢᠳᠠᠬ᠃ ᠭᠡᠵᠢᠭᠡ ᠪᠡᠨ ᠴᠢᠡᠭᠭ᠎ᠠ ᠪᠤᠭᠤᠪᠠᠯ ᠭᠡᠵᠢᠭᠡ ᠲᠠᠰᠤᠷᠠᠬᠤ ᠪᠤᠶᠤ ᠭᠡᠵᠢᠭᠡ ᠤᠨᠠᠳᠠᠬ᠃

 ᠳᠤᠯᠤᠭ᠎ᠠ ᠳ᠋ᠦ᠂ ᠭᠡᠵᠢᠭᠡ ᠪᠡᠨ ᠰᠠᠶᠢᠬᠠᠨ ᠬᠠᠮᠠᠭᠠᠯᠠᠵᠦ ᠶᠠᠪᠤᠶ᠎ᠠ ᠭᠡᠪᠡᠯ ᠭᠡᠵᠢᠭᠡ ᠶᠢ ᠬᠠᠮᠠᠭᠠᠯᠠᠬᠤ ᠳ᠋ᠦ ᠲᠤᠰᠠᠲᠠᠢ ᠢᠳᠡᠭᠡᠨ ᠢ ᠢᠳᠡᠵᠦ ᠪᠤᠯᠤᠨ᠎ᠠ᠃ ᠦᠷᠭᠡᠰᠦᠲᠦ ᠨᠤᠭᠤᠭ᠎ᠠ᠂ ᠭᠤᠭᠤᠳ᠂ ᠴᠤᠭᠤᠷ ᠨᠤᠭᠤᠭ᠎ᠠ᠂ ᠨᠤᠭᠤᠭᠠᠨ ᠯᠤᠤ ᠶᠢᠨ ᠰᠠᠬᠠᠯ ᠵᠡᠷᠭᠡ ᠨᠤᠭᠤᠭ᠎ᠠ ᠨᠢ ᠬᠦᠮᠦᠨ ᠤ ᠠᠷᠠᠰᠦ ᠮᠢᠬ᠎ᠠ ᠶᠢ ᠰᠠᠶᠢᠬᠠᠨ ᠪᠤᠯᠭᠠᠳᠠᠬ ᠮᠦᠷᠳᠡᠬᠡᠨ ᠭᠡᠵᠢᠭᠡ ᠶᠢ ᠦᠡᠭᠭᠡ ᠭᠡᠷᠡᠯ ᠲᠠᠢ ᠪᠤᠯᠭᠠᠳᠠᠬ᠃ ᠡᠳᠡᠭᠡᠷ ᠨᠤᠭᠤᠭ᠎ᠠ ᠶᠢᠨ ᠳᠤᠲᠤᠷ᠎ᠠ ᠰᠢᠷᠬᠡᠭᠯᠢᠭ ᠡᠳ᠋ ᠠᠷᠪᠢᠨ ᠠᠬᠤᠭᠤᠯᠵᠦ ᠪᠠᠶᠢᠳᠠᠬ ᠪᠤᠯᠬᠤᠷ ᠲᠡᠳᠡᠭᠡᠷ ᠢ ᠪᠠᠶᠢᠡᠭᠭᠤ ᠢᠳᠡᠪᠡᠯ ᠭᠡᠵᠢᠭᠡ ᠶᠢ ᠵᠤᠵᠠᠭᠠᠨ ᠪᠤᠯᠭᠠᠬᠤ ᠦᠢᠯᠡᠳᠦᠯ ᠲᠠᠢ ᠭᠡᠰᠡᠨ ᠬᠡᠯᠡᠯᠭᠡ ᠪᠠᠰᠠ ᠪᠠᠶᠢᠳᠠᠬ ᠰᠠᠨ᠃ ᠪᠤᠷᠴᠠᠬ ᠤᠨ ᠲᠦᠷᠦᠯ ᠤᠨ ᠳᠤᠲᠤᠷ᠎ᠡ ᠡᠴᠡ ᠰᠢᠷ᠎ᠠ ᠪᠤᠷᠴᠠᠬ ᠢᠳᠡᠪᠡᠯ ᠦᠰᠦ ᠭᠡᠵᠢᠭᠡ ᠶᠢ ᠦᠡᠭᠭᠡ ᠭᠡᠷᠡᠯ ᠲᠠᠢ᠂ ᠬᠠᠷᠢᠮᠠᠬᠠᠢ ᠴᠢᠨᠠᠷ ᠲᠠᠢ ᠪᠤᠯᠭᠠᠳᠠᠬ ᠪᠦᠭᠡᠳ ᠲᠠᠰᠤᠷᠠᠬᠤ ᠪᠤᠶᠤ ᠰᠠᠯᠠᠭᠠᠯᠠᠬᠤ ᠡᠴᠡ ᠰᠡᠷᠬᠡᠶᠢᠯᠡᠬᠦ ᠦᠢᠯᠡᠳᠦᠯ ᠲᠠᠢ᠃ ᠲᠠᠯᠠᠢ ᠶᠢᠨ ᠵᠠᠮᠠᠬ ᠤᠨ ᠲᠦᠷᠦᠯ ᠤᠨ ᠢᠳᠡᠭᠡᠨ ᠤ ᠳᠤᠲᠤᠷ᠎ᠠ ᠡᠴᠡ ᠳᠠᠯᠠᠢ ᠶᠢᠨ ᠨᠤᠭᠤᠭ᠎ᠠ᠂ ᠬᠠᠶᠢᠳᠠᠢ ᠵᠡᠷᠭᠡ ᠳ᠋ᠦ ᠺᠠᠯᠼ᠂ ᠺᠠᠯᠢ᠂ ᠢᠤᠳ᠋ ᠵᠡᠷᠭᠡ ᠶᠢ ᠡᠯᠪᠡᠭ ᠠᠬᠤᠭᠤᠯᠵᠦ ᠪᠠᠶᠢᠳᠠᠬ ᠡᠴᠡ ᠲᠤᠯᠤᠭᠠᠢ ᠶᠢᠨ ᠮᠡᠳᠡᠷᠡᠯ ᠤᠨ ᠡᠰ ᠤᠨ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠵᠦ᠂ ᠦᠰᠦ ᠴᠠᠶᠢᠬᠤ ᠶᠢ ᠰᠡᠷᠬᠡᠶᠢᠯᠡᠬᠦ ᠦᠢᠯᠡᠳᠦᠯ ᠲᠠᠢ ᠪᠠᠶᠢᠳᠠᠬ᠃ ᠬᠠᠷ᠎ᠠ ᠮᠠᠭᠠᠵᠢ᠂ ᠬᠤᠰᠢᠭ᠎ᠠ ᠵᠡᠷᠭᠡ ᠨᠢ ᠪᠠᠰᠠ ᠦᠰᠦ ᠶᠢ ᠦᠡᠭᠭᠡ ᠭᠡᠷᠡᠯ ᠲᠠᠢ ᠪᠤᠯᠭᠠᠳᠠᠬ ᠪᠦᠭᠡᠳ ᠦᠰᠦ ᠴᠠᠶᠢᠬᠤ ᠶᠢ ᠰᠡᠷᠬᠡᠶᠢᠯᠡᠵᠦ᠂ ᠴᠢᠨᠠᠷ ᠢ ᠴᠦ ᠰᠠᠶᠢᠨ ᠪᠤᠯᠭᠠᠳᠠᠬ ᠪᠤᠯᠬᠤᠷ ᠲᠡᠳᠡᠭᠡᠷ ᠢ ᠪᠠᠶᠢᠡᠭᠭᠤ ᠢᠳᠡᠵᠦ ᠪᠤᠯᠤᠨ᠎ᠠ᠃ ᠡᠭᠦᠨ ᠡᠴᠡ ᠭᠠᠳᠠᠨ᠎ᠠ᠂ ᠲᠦᠮᠦᠰᠦ ᠶᠢᠨ ᠵᠦᠢᠯ ᠡᠴᠡ ᠰᠢᠬᠢᠷᠯᠢᠭ ᠲᠦᠮᠦᠰᠦ᠂ ᠨᠠᠡᠭᠬᠢ ᠴᠠᠭᠠᠨ ᠲᠦᠮᠦᠰᠦ᠂ ᠵᠢᠮᠢᠰ ᠤᠨ ᠲᠦᠷᠦᠯ ᠡᠴᠡ ᠪᠠᠨᠠᠨᠠ᠂ ᠪᠤᠷᠭᠤᠴᠠᠢ᠂ ᠵᠢᠪᠡᠷᠢ ᠵᠡᠷᠭᠡ ᠨᠢ ᠭᠡᠵᠢᠭᠡ ᠤᠷᠭᠤᠭᠤᠯᠬᠤ ᠦᠢᠯᠡᠳᠦᠯ ᠲᠠᠢ ᠪᠠᠶᠢᠳᠠᠬ᠃

 ᠨᠠᠢᠮᠠ ᠳ᠋ᠦ᠂ ᠬᠤᠭᠤᠯᠠ ᠪᠡᠨ ᠬᠡᠳᠦᠷᠡᠲᠡᠯ᠎ᠡ ᠢᠳᠡᠬᠦ ᠪᠤᠶᠤ ᠳᠠᠮᠠᠬᠢ ᠲᠠᠳᠠᠬᠤ ᠶᠢ ᠴᠡᠭᠡᠷᠯᠡᠬᠦ ᠬᠡᠷᠡᠭᠲᠡᠢ᠃ ᠬᠡᠳᠦᠷᠡᠳᠡᠯ᠎ᠡ ᠴᠠᠳᠲᠠᠯ᠎ᠠ ᠢᠳᠡᠬᠦ ᠪᠤᠶᠤ ᠳᠠᠮᠠᠬᠢ ᠲᠠᠳᠠᠬᠤ ᠨᠢ ᠪᠦᠷ ᠦᠰᠦᠨ ᠤ ᠤᠷᠭᠤᠯᠳᠠ ᠶᠢ ᠨᠦᠯᠦᠭᠡᠯᠡᠵᠦ᠂ ᠴᠢᠨᠠᠷ ᠢ ᠨᠢ ᠮᠠᠭᠤᠲᠠᠭᠤᠯᠤᠨ᠎ᠠ᠃ ᠲᠡᠭᠡᠪᠡᠯ ᠢᠳᠡᠭᠡᠨ ᠤᠮᠳᠠᠭᠠᠨ ᠤ ᠳᠤᠲᠤᠷ᠎ᠡ ᠡᠴᠡ ᠬᠦᠮᠦᠨ ᠤ ᠡᠷᠡᠭᠦᠯ ᠮᠡᠨᠳᠦ ᠶᠢ ᠨᠦᠯᠦᠭᠡᠯᠡᠳᠡᠭ ᠬᠡᠶᠢᠵᠢᠭᠦᠯᠦᠭᠰᠡᠨ ᠤᠮᠳᠠᠭᠠᠨ᠂ ᠮᠦᠰᠦᠯᠡᠮᠵᠢ ᠵᠡᠷᠭᠡ ᠨᠢ ᠴᠦ ᠭᠡᠵᠢᠭᠡ ᠤᠷᠭᠤᠬᠤ ᠶᠢ ᠨᠦᠯᠦᠭᠡᠯᠡᠳᠡᠭ᠃

 ᠬᠦᠮᠦᠨ ᠤ ᠪᠡᠶ᠎ᠡ ᠶᠢᠨ ᠠᠯᠢᠪᠠ ᠡᠷᠬᠡᠲᠡᠨ᠂ ᠦᠰᠦ ᠭᠡᠵᠢᠭᠡ᠂ ᠬᠢᠮᠦᠰᠦ ᠭᠡᠳ ᠪᠦᠷ ᠯᠡ ᠬᠤᠭᠤᠷᠤᠨᠳᠦ ᠪᠡᠨ ᠨᠢᠬᠳᠠ ᠬᠤᠯᠪᠤᠭ᠎ᠠ ᠲᠠᠢ᠂ ᠤᠨᠴᠠᠭᠠᠶᠢᠯᠠᠨ ᠢᠳᠡᠭᠡᠨ ᠤᠮᠳᠠᠭᠠᠨ ᠤ ᠵᠦᠢᠯ ᠨᠢ ᠡᠷᠡᠭᠦᠯ ᠮᠡᠨᠳᠦ ᠲᠠᠢ ᠰᠢᠭᠤᠳ ᠬᠤᠯᠪᠤᠭ᠎ᠠ ᠲᠠᠢ ᠪᠤᠯᠬᠤᠷ ᠡᠡᠭ ᠤᠨ ᠪᠠᠶᠢᠳᠠᠯ ᠳᠤᠤᠷ᠎ᠠ ᠰᠢᠡᠭᠭᠡᠭᠡᠯᠲᠡ ᠨᠢ ᠮᠠᠭᠤ᠂ ᠬᠤᠳᠤᠭᠤᠳᠦ ᠭᠡᠳᠡᠰᠦ ᠨᠢ ᠡᠪᠡᠳᠳᠡᠭ ᠬᠦᠮᠦᠨ ᠤ ᠭᠡᠵᠢᠭᠡᠨ ᠤ ᠬᠢᠨᠢ ᠴᠢᠨᠠᠷ ᠨᠢ ᠪᠠᠷᠤᠬᠲᠠᠢ ᠪᠠᠶᠢᠵᠦ᠂ ᠠᠮᠠᠷᠬᠠᠨ ᠲᠠᠰᠤᠷᠠᠬᠤ ᠪᠦᠭᠡᠳ ᠦᠰᠦ ᠨᠢ ᠤᠨᠠᠭᠠᠳ ᠪᠠᠶᠢᠳᠠᠬ᠃ ᠡᠶᠢᠮᠦ ᠡᠴᠡ ᠭᠡᠵᠢᠭᠡ ᠦᠰᠦ ᠪᠡᠨ ᠦᠡᠭᠭᠡ ᠭᠡᠷᠡᠯ ᠲᠠᠢ᠂ ᠦᠳᠭᠡᠨ ᠰᠠᠶᠢᠬᠠᠨ᠂ ᠮᠠᠯ ᠬᠠᠷ᠎ᠠ ᠪᠤᠯᠭᠠᠶ᠎ᠠ ᠭᠡᠪᠡᠯ ᠲᠡᠭᠡᠷ᠎ᠡ ᠬᠡᠯᠡᠭᠰᠡᠨ ᠤᠯᠠᠨ ᠲᠠᠯ᠎ᠠ ᠶᠢ ᠪᠦᠷ ᠠᠡᠭᠬᠠᠷᠤᠯ ᠳ᠋ᠠᠭᠠᠨ ᠠᠪᠬᠤ ᠬᠡᠷᠡᠭᠲᠡᠢ ᠶᠤᠮ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ