ᠵᠤᠨ ᠪᠤᠯᠵᠦ ᠳᠤᠯᠠᠭᠠᠨ ᠤ ᠬᠡᠮᠵᠢᠶ᠎ᠡ ᠲᠡᠭᠡᠭᠰᠢᠯᠡᠬᠦ ᠶᠢ ᠳᠠᠭᠠᠯᠳᠤᠨ᠂ ᠤᠰᠤᠨ ᠳ᠋ᠦ ᠤᠮᠪᠠᠬᠤ ᠬᠦᠮᠦᠨ ᠤᠯᠠᠰᠢᠷᠠᠪᠠ᠃ ᠤᠯᠠᠡᠭᠬᠢ ᠬᠦᠮᠦᠨ ᠬᠢᠳᠡᠯ ᠠᠯᠳᠠᠬᠰᠠᠭᠠᠷ ᠴᠢᠬᠢ ᠪᠡᠨ ᠤᠬᠤᠴᠢᠯᠠᠬᠤ ᠪᠤᠶᠤ ᠤᠰᠤ ᠳ᠋ᠦ ᠤᠮᠪᠠᠬᠰᠠᠨ ᠤ ᠪᠠᠨ ᠳᠠᠷᠠᠭ᠎ᠠ ᠴᠦ ᠴᠢᠬᠢᠨ ᠬᠤᠯᠤᠭᠤ ᠪᠠᠨ ᠠᠷᠢᠯᠭᠠᠬᠤ ᠳᠠᠳᠬᠠᠯ ᠲᠠᠢ ᠪᠠᠶᠢᠳᠠᠬ᠃ ᠭᠡᠪᠡᠴᠦ ᠪᠠᠶᠢᠨ ᠪᠠᠶᠢᠨ ᠴᠢᠬᠢ ᠪᠡᠨ ᠤᠬᠤᠴᠢᠯᠠᠪᠠᠯ ᠠᠮᠠᠷᠬᠠᠨ ᠭᠠᠳᠠᠷ ᠴᠢᠬᠢᠨ ᠤ ᠦᠷᠪᠢᠰᠦᠯ ᠳ᠋ᠦ ᠨᠡᠷᠪᠡᠭᠳᠡᠵᠦ ᠮᠡᠳᠡᠨ᠎ᠡ᠃

 ᠡᠮᠦᠨᠡᠳᠦ ᠶᠢᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠭᠤᠷᠪᠠᠳᠤᠭᠠᠷ ᠬᠠᠷᠢᠶᠠᠳᠦ ᠡᠮᠨᠡᠯᠭᠡ ᠶᠢᠨ ᠬᠤᠷᠢᠶᠠᠨ ᠤ ᠴᠢᠬᠢ ᠬᠠᠮᠠᠷ ᠬᠤᠭᠤᠯᠠᠢ ᠶᠢᠨ ᠰᠠᠯᠠᠭᠠᠨ ᠤ ᠡᠷᠬᠢᠯᠡᠭᠴᠢ ᠲᠢᠶᠠᠨ ᠭᠤᠧᠠᠡᠭ ᠶᠦᠡᠭ ᠤᠶᠢᠷ᠎ᠠ ᠳ᠋ᠦ ᠨᠢᠭᠡᠨ ᠵᠠᠡᠭ ᠤᠪᠤᠬᠲᠦ ᠡᠪᠡᠳᠴᠢᠲᠡᠨ ᠢ ᠡᠮᠨᠡᠵᠡᠢ᠃ ᠵᠠᠡᠭ ᠠᠪᠠᠬᠠᠢ ᠵᠦᠭᠡᠷ ᠰᠠᠭᠤᠬᠰᠠᠭᠠᠷ ᠴᠢᠬᠢ ᠪᠡᠨ ᠤᠬᠤᠴᠢᠯᠠᠳᠠᠬ᠂ ᠵᠠᠷᠢᠮ ᠳ᠋ᠠᠭᠠᠨ ᠪᠡᠶ ᠡ ᠪᠡᠨ ᠤᠭᠢᠶᠠᠬᠤ ᠪᠤᠶᠤ ᠤᠰᠤᠨ ᠳ᠋ᠦ ᠤᠮᠪᠠᠬᠰᠠᠨ ᠤ ᠪᠡᠨ ᠳᠠᠷᠠᠭ᠎᠎ᠠ ᠴᠦ ᠴᠢᠬᠢ ᠪᠡᠨ ᠤᠬᠤᠴᠢᠯᠠᠳᠠᠬ᠂ ᠲᠡᠷᠡᠴᠢᠯᠡᠨ ᠬᠦᠪᠦᠡᠭᠲᠦ ᠰᠢᠪᠠᠭ᠎ᠠ ᠦᠭᠡᠢ ᠪᠠᠶᠢᠳᠠᠯ ᠳ᠋ᠦ ᠭᠠᠷ ᠲᠤᠨᠢ ᠶᠠᠭᠤ ᠦᠷᠳᠦᠪᠡᠯ ᠲᠡᠭᠦᠨ ᠢᠶᠡᠷ ᠴᠢᠬᠢ ᠪᠡᠨ ᠤᠬᠤᠴᠢᠯᠠᠳᠠᠬ᠂ ᠵᠠᠷᠢᠮ ᠳ᠋ᠠᠭᠠᠨ ᠤᠬᠤᠴᠢᠯᠠᠬᠤ ᠳᠤᠲᠤᠮ ᠵᠠᠭᠠᠳᠤᠨᠠᠵᠦ᠂ ᠵᠠᠭᠠᠳᠤᠨᠠᠬᠤ ᠳᠤᠲᠤᠮ ᠤᠬᠤᠴᠢᠯᠠᠶ᠎ᠠ ᠭᠡᠵᠦ ᠪᠤᠳᠤᠳᠠᠬ᠂ ᠢᠡᠭᠭᠢᠭᠰᠡᠭᠡᠷ ᠪᠠᠶᠢᠵᠦ᠂ ᠴᠢᠬᠢᠨ ᠵᠠᠮ ᠨᠢ ᠬᠠᠪᠤᠳᠴᠦ᠂ ᠴᠢᠬᠢᠨ ᠳᠤᠲᠤᠷ᠎ᠠ ᠨᠢ ᠪᠠᠶᠢᠨ ᠪᠠᠶᠢᠨ ᠵᠠᠭᠠᠲᠤᠨᠠᠵᠦ᠂ ᠡᠪᠡᠳᠬᠦ ᠪᠦᠭᠡᠳ ᠪᠡᠶ᠎ᠡ ᠨᠢ ᠬᠠᠯᠠᠭᠤᠷᠠᠵᠦ᠂ ᠰᠤᠨᠤᠰᠬᠤ ᠴᠢᠳᠠᠪᠤᠷᠢ ᠨᠢ ᠮᠠᠭᠤᠳᠠᠬᠤ ᠪᠠᠶᠢᠳᠠᠯ ᠢᠯᠡᠷᠡᠵᠡᠢ᠃ ᠡᠮᠴᠢ ᠶᠢᠨ ᠤᠨᠤᠰᠢᠯᠠᠬᠰᠠᠨ ᠢᠶᠡᠷ ᠲᠡᠷᠡ ᠭᠠᠳᠠᠷ ᠴᠢᠬᠢᠨ ᠤ ᠦᠷᠪᠢᠰᠦᠯ ᠳ᠋ᠦ ᠨᠡᠷᠪᠡᠭᠳᠡᠭᠰᠡᠨ ᠪᠠᠶᠢᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ