1.jpg

ᠰᠢᠯᠢ ᠨᠤᠳᠤᠭ ᠲᠤ ᠶᠢᠰᠦ ᠶ᠋ᠢᠨ ᠬᠦᠢᠳᠡᠨ ᠦ ᠡᠷᠴᠢ ᠴᠢᠩᠭᠠᠷᠠᠵᠦ ᠪᠠᠶᠢᠬᠰᠡᠨ ᠴᠤ ᠰᠢᠯᠢᠩᠬᠤᠳᠠ ᠶ᠋ᠢᠨ ᠲᠠᠯ᠎ᠠ ᠨᠤᠲᠤᠭ ᠤᠨ ᠤᠯᠠᠮᠵᠢᠯᠠᠯᠲᠤ ᠨᠠᠭᠠᠳᠤᠮ ᠤᠨ ᠲᠠᠯᠠᠪᠠᠢ ᠳ᠋ᠥ ᠬᠤᠯᠠ ᠤᠶᠢᠷ᠎ᠠ ᠶ᠋ᠢᠨ ᠵᠤᠭᠠᠴᠠᠬᠰᠠᠳ᠂ ᠨᠠᠭᠠᠳᠤᠮᠴᠢᠨ ᠤᠯᠠᠨ ᠦᠩᠭᠡ ᠦᠩᠭᠡ ᠶ᠋ᠢᠨ ᠵᠤᠪᠴᠠᠭ᠎ᠠ ᠳᠡᠪᠡᠯ᠂ ᠤᠳᠤᠮᠠᠯ ᠠᠷᠠᠰᠤᠨ ᠳᠡᠪᠡᠯ᠂ ᠦᠨᠡᠭᠡᠨ ᠠᠷᠠᠰᠤᠨ ᠮᠠᠯᠠᠭᠠᠢ ᠡᠮᠦᠰᠴᠦ ᠵᠢᠪᠬᠤᠭ᠎ᠠ ᠲᠠᠢ ᠵᠤᠷᠴᠢᠬᠤ ᠨᠢ ᠬᠤᠯᠠ ᠡᠴᠠ ᠦᠩᠭᠡ ᠢᠯᠭᠠᠷᠠᠨ ᠳᠤᠯᠠᠭᠠᠬᠠᠨ ᠬᠠᠷᠠᠬᠳᠠᠵᠦ᠂ ᠬᠦᠮᠦᠰ ᠲᠦ ᠡᠪᠦᠯ ᠦᠨ ᠬᠦᠢᠳᠡᠨ ᠢ ᠤᠮᠠᠷᠲᠠᠭᠤᠯᠤᠨ᠎ᠠ᠃ 1 ᠰᠠᠷ᠎ᠠ ᠶ᠋ᠢᠨ 6 ᠤ ᠡᠳᠦᠷ᠂ 2019 ᠰᠢᠯᠢᠩᠬᠤᠳᠠ ᠶ᠋ᠢᠨ ᠡᠪᠦᠯ ᠦᠨ ᠤᠯᠠᠷᠢᠯ ᠤᠨ ᠤᠯᠠᠮᠵᠢᠯᠠᠯᠲᠤ ᠨᠠᠭᠠᠳᠤᠮ ᠵᠢᠴᠢ ᠭᠤᠷᠪᠠᠳᠤᠭᠠᠷ ᠬᠤᠭᠤᠴᠠᠭᠠᠨ ᠤ《ᠵᠦᠩ ᠶᠦᠨ ᠬᠤᠨᠳᠠᠭᠠᠲᠤ》ᠤᠯᠠᠨ ᠤᠯᠤᠰ ᠤᠨ ᠠᠳᠤᠭᠤᠨ ᠰᠤᠶᠤᠯ ᠤᠨ ᠭᠡᠷᠡᠯ ᠵᠢᠷᠤᠭ ᠤᠨ ᠦᠵᠡᠰᠭᠦᠯᠡᠩ ᠦᠨ ᠨᠡᠭᠡᠭᠡᠯᠲᠡ ᠶ᠋ᠢᠨ ᠶᠤᠰᠤᠯᠠᠯ᠂ ᠰᠢᠯᠢᠩᠬᠤᠲᠠ ᠶ᠋ᠢᠨ ᠪᠤᠯᠠᠭᠠᠨ ᠰᠤᠮᠤᠨ ᠤ ᠲᠠᠯ᠎ᠠ ᠨᠤᠲᠤᠭ ᠤᠨ ᠤᠯᠠᠮᠵᠢᠯᠠᠯᠲᠤ ᠨᠠᠭᠠᠳᠤᠮ ᠤᠨ ᠲᠠᠯᠠᠪᠠᠢ ᠳ᠋ᠥ ᠨᠢᠵᠢᠭᠡᠷ ᠪᠤᠯᠵᠦ ᠦᠩᠭᠡᠷᠡᠯ᠎ᠡ᠃

ᠨᠢᠭᠡ ᠡᠳᠦᠷ ᠦᠨ ᠨᠠᠭᠠᠳᠤᠮ ᠳ᠋ᠥ ᠬᠦᠴᠦᠲᠦ 128 ᠪᠦᠬᠡ ᠶ᠋ᠢᠨ ᠪᠠᠷᠢᠯᠳᠤᠭᠠᠨ᠂ 30 ᠭᠠᠵᠠᠷ ᠤᠨ ᠠᠯᠤᠰ ᠤᠨ ᠮᠤᠷᠢᠨ ᠤ ᠤᠷᠤᠯᠳᠤᠭᠠᠨ᠂ ᠰᠤᠷ ᠬᠠᠷᠪᠤᠯᠲᠠ ᠶ᠋ᠢᠨ ᠤᠷᠤᠯᠳᠤᠭᠠᠨ ᠵᠡᠷᠭᠡ ᠡᠷ᠎ᠡ ᠶ᠋ᠢᠨ ᠭᠤᠷᠪᠠᠨ ᠨᠠᠭᠠᠳᠤᠮ ᠶᠠᠪᠤᠬᠳᠠᠬᠰᠡᠨ ᠢᠶᠠᠷ ᠪᠠᠷᠠᠬᠤ ᠦᠭᠡᠢ᠂ ᠱᠠᠭ᠎ᠠ ᠲᠤᠬᠯᠠᠭᠠᠮ᠂ ᠪᠢᠯᠠᠭᠤ ᠰᠢᠳᠡᠬᠦ᠂ ᠤᠷᠠᠨ ᠰᠠᠶᠢᠬᠠᠨ ᠤ ᠲᠤᠬᠯᠠᠯᠲᠠ᠂ ᠬᠤᠪᠴᠠᠰᠦ ᠵᠠᠰᠠᠯ ᠤᠨ ᠦᠵᠡᠭᠦᠯᠭᠡ᠂ ᠨᠡᠭᠦᠳᠡᠯ ᠰᠤᠶᠤᠯ ᠤᠨ ᠵᠠᠩ ᠦᠢᠯᠡ ᠶ᠋ᠢᠨ ᠦᠵᠡᠭᠦᠯᠡᠪᠦᠷᠢ ᠵᠡᠷᠭᠡ ᠤᠯᠠᠨ ᠰᠠᠶᠢᠬᠠᠨ ᠠᠭᠤᠯᠭ᠎ᠠ ᠶᠠᠪᠤᠬᠳᠠᠵᠦ ᠨᠠᠭᠠᠳᠤᠮᠴᠢᠨ ᠤᠯᠠᠨ ᠢᠶᠡᠨ ᠪᠠᠶᠠᠰᠬᠠᠵᠠᠢ᠃ ᠪᠦᠬᠡ ᠶ᠋ᠢᠨ ᠪᠠᠷᠢᠯᠳᠤᠭᠠᠨ ᠳ᠋ᠥ ᠪᠠᠷᠠᠭᠤᠨ ᠦᠵᠦᠮᠦᠴᠢᠨ ᠬᠤᠰᠢᠭᠤᠨ ᠤ ᠴᠠᠭᠠᠨᠵᠠᠭᠠᠨ᠂ ᠵᠡᠭᠦᠨ ᠦᠵᠦᠮᠦᠴᠢᠨ ᠬᠤᠰᠢᠭᠤᠨ ᠤ ᠪᠠᠲᠤᠵᠢᠷᠭᠠᠯ᠂ ᠵᠡᠭᠦᠨ ᠦᠵᠦᠮᠦᠴᠢᠨ ᠬᠤᠰᠢᠭᠤᠨ ᠤ ᠰᠠᠴᠤᠷᠠᠯ᠂ ᠪᠠᠷᠠᠭᠤᠨ ᠦᠵᠦᠮᠦᠴᠢᠨ ᠬᠤᠰᠢᠭᠤᠨ ᠤ ᠴᠡᠩᠭᠡᠯᠪᠠᠶᠠᠷ ᠳᠠᠷᠠᠭᠠᠯᠠᠨ ᠳᠡᠭᠡᠳᠦ ᠳᠦᠷᠪᠡ ᠳ᠋ᠥ ᠳᠡᠪᠢᠵᠦ᠂ ᠮᠤᠷᠢᠨ ᠤ ᠤᠷᠤᠯᠳᠤᠭᠠᠨ ᠳ᠋ᠥ ᠰᠢᠯᠢᠩᠬᠤᠳᠠ ᠶ᠋ᠢᠨ ᠤᠴᠠᠷᠠᠯᠲᠤ ᠶ᠋ᠢᠨ ᠮᠤᠷᠢ ᠦᠵᠦᠭᠦᠷᠯᠡᠨ᠂ ᠰᠤᠷ ᠬᠠᠷᠪᠤᠯᠲᠠ ᠶ᠋ᠢᠨ ᠤᠷᠤᠯᠳᠤᠭᠠᠨ ᠳ᠋ᠥ ᠰᠦᠨᠢᠳ ᠵᠡᠭᠦᠨ ᠬᠤᠰᠢᠭᠤᠨ ‍ᠤ ᠬᠠᠰᠪᠠᠭᠠᠨ᠎ᠠ ᠲᠡᠷᠢᠭᠦᠯᠡᠵᠦ᠂ ᠬᠦᠯᠦᠨ ᠪᠤᠶᠢᠷ ᠬᠤᠲᠠ ᠶ᠋ᠢᠨ ᠮᠦᠷᠡᠨ᠂ ᠱᠠᠬᠳᠡᠷᠪᠢᠯᠢᠭ ᠬᠤᠶᠠᠷ᠂ ᠭᠤᠷᠪᠠ ᠳ᠋ᠤᠭᠠᠷ ᠲᠤ ᠤᠷᠤᠬᠰᠡᠨ ᠪᠠᠶᠢᠨ᠎ᠠ᠃ ( ᠴᠢᠷᠮ᠎ᠠ)

ᠢᠷᠡᠯᠳᠡ : 

ᠰᠢᠨᠬᠤᠧᠠ ᠮᠤᠩᠭᠤᠯ ᠨᠧᠲ 
    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ