1.jpg

ᠰᠢᠠᠵᠢᠶᠠᠩ ᠤᠨ ᠪᠤᠰᠲᠤᠨᠠᠭᠤᠷ ᠰᠢᠶᠠᠨ ᠤ ᠠᠷᠪᠠᠨ ᠨᠢᠭᠡᠳᠦᠭᠡᠷ ᠬᠤᠭᠤᠴᠠᠭᠠᠠ ᠤ ᠮᠦᠩᠬᠦᠠ ᠡᠪᠦᠯ ᠦᠨ ᠴᠠᠰᠤ ᠮᠦᠰᠦᠨ ᠤ ᠪᠠᠶᠠᠷ 5 ᠤ ᠡᠳᠦᠷ ᠪᠤᠰᠲᠤᠨᠠᠭᠤᠷ ᠤᠨ ᠰᠠᠶᠢᠷᠢᠮ ᠶ᠋ᠢᠨ ᠶᠠᠮᠠᠲᠤ (ᠢᠮᠠᠭᠠᠲᠤ) ᠶ᠋ᠢᠨ ᠵᠢᠭᠤᠯᠴᠢᠯᠠᠯ ᠤᠨ ᠤᠷᠤᠠ ᠳ᠋ᠤ ᠡᠬᠢᠯᠡᠪᠡ᠃

ᠳᠤᠰ ᠪᠠᠶᠠᠷ ᠢᠶᠡᠷ ᠤᠯᠤᠰ ᠤᠨ ᠳᠤᠲᠤᠭᠠᠳᠤ ᠭᠠᠳᠠᠭᠠᠳᠤ ᠡᠴᠠ ᠢᠷᠡᠭᠰᠡᠨ ᠲᠤᠰᠬᠠᠢ ᠤᠷᠠᠯᠢᠭᠴᠢᠳ ᠤᠨ ᠨᠠᠷᠢᠯᠢᠭ ᠪᠦᠲᠦᠭᠡᠭᠰᠡᠨ ᠳᠤᠮᠳᠠᠳᠤ ᠶ᠋ᠢᠨ ᠬᠦᠰᠡᠯᠡᠩ᠂ ᠦᠨᠳᠦᠰᠦᠲᠠᠨ ᠤ ᠪᠦᠯᠬᠦᠮᠳᠡᠯ ᠵᠡᠷᠭᠡ 5 ᠶᠡᠬᠡ ᠲᠦᠷᠦᠯ ᠦᠨ ᠭᠣᠣᠯ ᠰᠡᠳᠦᠪᠲᠦ ᠴᠠᠰᠤ ᠮᠦᠰᠦᠠ ᠤ ᠰᠡᠶᠢᠯᠤᠮᠡᠯ ᠦᠨ ᠦᠵᠡᠭᠦᠯᠭᠡ᠂ ᠮᠠ ᠯᠠ ᠪᠠ ᠯᠢ ᠵᠡᠷᠭᠡ 30 ᠭᠠᠷᠤᠢ ᠵᠦᠢᠯ ᠤᠨ ᠡᠯᠪᠡᠭ᠌ ᠪᠠᠶᠠᠯᠢᠭ ᠠᠭᠤᠯᠭ᠎ᠠ ᠲᠠᠢ ᠡᠪᠦᠯ ᠤᠨ ᠤᠯᠠᠷᠢᠯ ᠤᠨ ᠵᠢᠭᠤᠯᠴᠢᠯᠠᠯ ᠤᠨ ᠪᠠᠶᠠᠷ ᠨᠠᠶᠢᠷ ᠤᠨ ᠠᠵᠢᠯᠯᠠᠭ᠎ᠠ ᠵᠤᠬᠢᠶᠠᠨ ᠪᠠᠶᠢᠭᠤᠯᠤᠭᠰᠠᠨ ᠤ ᠬᠠᠮᠲᠤ᠂ ᠪᠤᠰᠲᠤᠨᠠᠭᠤᠷ ᠤᠨ ᠰᠠᠶᠢᠷᠢᠮ ᠤᠨ ᠶᠠᠮᠠᠲᠤ ᠶ᠋ᠢᠨ ᠵᠢᠭᠤᠯᠴᠢᠯᠠᠯ ᠤᠨ ᠤᠷᠤᠠ ᠳ᠋ᠠᠬᠢ ᠳᠡᠯᠡᠬᠡᠢ ᠶ᠋ᠢᠨ ᠬᠢᠨᠢᠰ ᠤᠨ ᠲᠡᠮᠳᠡᠭᠯᠡᠯ ᠢ ᠡᠬᠦᠳᠦᠭᠰᠡᠡ ᠶᠡᠬᠡ ᠬᠠᠶᠢᠰᠤᠠ ᠳ᠋ᠤ ᠶᠡᠬᠡ ᠬᠡᠮᠵᠢᠶᠡᠨ ᠤ ᠵᠢᠭᠠᠰᠤ  ᠴᠢᠨᠠᠭᠠᠳ ᠲᠦᠮᠡ ᠭᠠᠷᠤᠢ ᠵᠤᠭᠠᠴᠠᠭᠴᠢᠳ ᠢ ᠬᠤᠭᠤᠯᠠᠯᠠᠭᠤᠯᠬᠤ ᠬᠦᠲᠦᠯᠪᠦᠷᠢ ᠦᠷᠨᠢᠬᠦᠯᠪᠠ᠃

ᠡᠬᠦᠠ ᠡᠴᠠ ᠭᠠᠳᠠᠨ᠎ᠠ᠂ ᠪᠤᠰᠲᠤᠨᠠᠭᠤᠷ ᠰᠢᠶᠠᠨ ᠵᠡᠬᠦᠨᠰᠢ ᠪᠤᠴᠠᠭᠰᠠᠨ ᠮᠤᠩᠭᠤᠯ ᠦᠨᠳᠦᠰᠦᠲᠠᠨ ᠤ ᠭᠣᠣᠯ ᠰᠠᠭᠤᠭ᠎ᠠ ᠭᠠᠵᠠᠷ ᠤᠷᠤᠨ ᠦ ᠬᠤᠶᠠᠷ ᠵᠠᠭᠤ ᠭᠠᠷᠤᠢ ᠵᠢᠯ ᠦᠨ ᠲᠠᠤᠬᠡ ᠰᠤᠶᠤᠯ ᠢ ᠭᠠᠶᠢᠬᠠᠭᠤᠯᠤᠠ᠂ ᠠᠯᠳᠠ ᠴᠠᠭᠠᠠ ᠬᠠᠳᠠᠭ ᠪᠡᠨ ᠳᠡᠯᠭᠡᠠ ᠪᠠᠷᠢᠵᠤ ᠠᠶᠠᠯᠭᠤ ᠢᠷᠡᠭᠤ ᠤᠷᠲᠤ ᠶ᠋ᠢᠨ ᠲᠠᠭᠤᠤ ᠪᠠᠨ ᠳᠠᠭᠤᠯᠠᠵᠤ᠂ ᠠᠷᠢᠬᠢ ᠶ᠋ᠢᠨ ᠳᠡᠭᠡᠵᠢ ᠪᠡᠷ ᠰᠠᠴᠤᠯᠢ ᠡᠷᠬᠦᠠ ᠠᠯᠤᠰ ᠤᠨ ᠵᠤᠴᠢᠳ ᠢᠶᠡᠨ ᠪᠠᠶᠠᠷᠯᠠᠨ ᠤᠭᠲᠤᠵᠤ ᠬᠠᠮᠲᠤ ᠪᠠᠷ ᠳᠠᠭᠤᠯᠠᠨ ᠪᠦᠵᠢᠭᠯᠡᠵᠦ ᠮᠦᠩᠭᠦᠡ ᠡᠪᠤᠯ ᠦᠨ ᠴᠠᠰᠤ ᠮᠦᠰᠦᠠ ᠦ ᠪᠠᠶᠠᠷ ᠢᠶᠡᠨ ᠡᠯᠪᠡᠭ᠌ ᠪᠠᠶᠠᠯᠢᠭ ᠠᠭᠤᠯᠭ᠎ᠠ ᠲᠠᠢ ᠪᠠᠷ ᠦᠩᠬᠡᠷᠡᠬᠦᠯᠦᠨ ᠪᠤᠰᠲᠤᠨᠠᠭᠤᠷ ᠤᠨ ᠡᠪᠦᠯ ᠢ ᠬᠦᠷ ᠬᠦᠭᠵᠢᠶᠡᠨ ᠢᠶᠠᠷ ᠪᠢᠯᠬᠠᠭᠤᠯᠵᠦ᠂ ᠡᠪᠦᠯ ᠤᠨ ᠤᠯᠠᠷᠢᠯ ᠤᠨ ᠬᠠᠮᠤᠭ ᠤᠨ ᠭᠤᠶᠤ ᠲᠤᠷᠠᠳᠬᠠᠯ ᠢ ᠵᠢᠭᠤᠯᠴᠢᠳ ᠲᠤ ᠦᠯᠡᠳᠡᠭᠡᠭᠰᠡᠡ ᠪᠠᠶᠢᠨ᠎ᠠ᠃

ᠦᠢᠯᠠᠭᠠᠭᠰᠠᠨ ᠢᠶᠠᠷ᠂ ᠬᠠᠮᠤᠭ ᠤᠨ ᠪᠠᠢᠢᠭᠠᠯᠢᠯᠢᠭ᠂ ᠬᠠᠮᠤᠭ ᠤᠨ ᠠᠷᠢᠭᠤᠨ ᠴᠡᠪᠡᠷ ᠴᠠᠰᠤ ᠮᠦᠰᠦᠨ ᠤ ᠡᠬᠢ ᠪᠠᠶᠠᠯᠢᠭ ᠢ ᠬᠠᠡᠭᠭᠠᠵᠠᠢ᠃ ᠡᠨᠡ ᠡᠪᠦᠯ ᠪᠤᠰᠲᠤᠨᠠᠭᠤᠷ ᠰᠢᠶᠠᠨ ᠵᠢᠭᠤᠯᠴᠢᠯᠠᠯ ᠤᠨ ᠭᠤᠤᠯ ᠦᠵᠡᠮᠵᠢ ᠶ᠋ᠢᠨ ᠤᠷᠤᠨ ᠢᠶᠡᠨ ᠴᠢᠯᠦᠬᠡᠳᠡᠢ ᠨᠡᠭᠡᠭᠡᠵᠦ᠂ ᠴᠠᠰᠤᠲᠦ ᠭᠠᠵᠠᠷ ᠤᠨ ᠮᠤᠲ᠋ᠤᠷ ᠲᠡᠷᠭᠡ ᠶ᠋ᠢᠨ ᠤᠷᠤᠯᠲᠤᠭᠠᠨ᠂ ᠴᠢᠷᠭ᠎ᠠ ᠶ᠋ᠢᠨ ᠤᠷᠤᠯᠲᠤᠭᠠᠨ᠂ ᠴᠠᠰᠤᠨ ᠳ᠋ᠤ ᠭᠤᠯᠭᠤᠬᠤ᠂ ᠳᠡᠭᠡᠰᠤ ᠲᠠᠲᠠᠬᠤ ᠵᠡᠷᠭᠡ ᠴᠠᠰᠤ ᠮᠦᠰᠦᠨ ᠤ ᠪᠡᠶ᠎ᠡ ᠶ᠋ᠢᠨ ᠲᠠᠮᠢᠷ ᠤᠨ ᠲᠦᠷᠦᠯ ᠵᠦᠢᠯ ᠢ ᠵᠤᠬᠢᠶᠠᠨ ᠪᠠᠢᠢᠭᠤᠯᠬᠤ ᠶ᠋ᠢᠨ ᠬᠠᠮᠳᠤ᠂ ᠵᠢᠭᠤᠯᠴᠢᠯᠠᠯ ᠤᠨ ᠡᠬᠢ ᠪᠠᠶᠠᠯᠢᠭ ᠢ ᠨᠢᠭᠡᠳᠬᠡᠵᠤ᠂ ᠤᠯᠠᠮᠵᠢᠯᠠᠯᠳᠦ ᠵᠢᠭᠤᠯᠴᠢᠯᠠᠯ ᠤᠨ ᠪᠦᠲᠦᠭᠡᠭᠳᠡᠭᠦᠨ ᠢ ᠡᠪᠦᠯ ᠤᠨ ᠤᠯᠠᠷᠢᠯ ᠤᠨ ᠵᠢᠭᠤᠯᠴᠢᠯᠠᠯ ᠤᠨ ᠠᠵᠢᠯᠯᠠᠭᠠᠨ ᠤ ᠲᠦᠷᠦᠯ ᠵᠦᠢᠯ ᠲᠠᠢ ᠤᠶᠠᠯᠳᠤᠭᠤᠯᠵᠤ᠂ ᠦᠪ ᠵᠤᠵᠠᠭᠠᠨ ᠦᠨᠳᠦᠰᠦᠲᠡᠨ ᠤ ᠵᠠᠡᠭ ᠦᠢᠯᠡ᠂ ᠬᠤᠭᠤᠯᠡ ᠤᠮᠳᠡ ᠨᠢ ᠪᠤᠰᠲᠤᠨᠠᠭᠤᠷ ᠰᠢᠶᠠᠨ ᠴᠠᠰᠤ ᠮᠦᠰᠦᠨ ᠤ ᠶᠢᠷᠲᠢᠨᠴᠦ ᠳ᠋ᠤ ᠨᠡᠡᠭ ᠤᠯᠠᠨ ᠰᠤᠶᠤᠯ ᠤᠨ ᠤᠳᠬ᠎ᠠ ᠠᠭᠤᠯᠭ᠎ᠠ ᠨᠡᠮᠡᠷᠢᠯᠡᠬᠦᠯᠵᠤ᠂ ᠡᠪᠦᠯ ᠤᠨ ᠤᠯᠠᠷᠢᠯ ᠤᠨ ᠵᠢᠭᠤᠯᠴᠢᠯᠠᠯ ᠢ ᠡᠢᠳᠡᠪᠬᠢᠳᠠᠢ ᠬᠦᠭᠵᠢᠭᠦᠯᠵᠦ 《ᠴᠠᠰᠤ ᠮᠦᠰᠦ + ᠪᠡᠶ᠎ᠡ ᠶ᠋ᠢᠨ ᠲᠠᠮᠢᠷ》᠂ 《 ᠴᠠᠰᠤ ᠮᠦᠰᠦ + ᠦᠨᠳᠦᠰᠦᠲᠡᠨ ᠤ ᠵᠠᠡᠭ ᠦᠢᠯᠡ᠂ ᠬᠤᠭᠤᠯᠡ ᠤᠮᠳᠠ》 ᠂ 《 ᠴᠠᠰᠤ ᠮᠦᠰᠦ + ᠰᠤᠶᠤᠯ》 ᠤᠨ ᠡᠪᠦᠯ ᠤᠨ ᠤᠨᠴᠠᠯᠢᠬᠳᠦ ᠵᠢᠭᠤᠯᠴᠢᠯᠠᠯ ᠤᠨ ᠪᠦᠲᠦᠭᠡᠭᠳᠡᠬᠦᠨ ᠢ ᠨᠡᠭᠡᠭᠡᠨ ᠠᠰᠢᠬᠯᠠᠵᠦ᠂ ᠵᠢᠭᠤᠯᠴᠢᠯᠠᠯ ᠪᠤᠯᠤᠨ ᠬᠠᠮᠢᠶ᠎ᠠ ᠪᠦᠬᠦᠢ ᠠᠵᠤ ᠦᠢᠯᠡᠰ ᠢ ᠠᠭᠤᠰᠤᠯᠴᠠᠭᠤᠯᠤᠨ ᠬᠦᠭᠵᠢᠭᠦᠯᠬᠦ ᠶ᠋ᠢ ᠠᠬᠢᠭᠤᠯᠵᠤ᠂ ᠨᠡᠩ ᠤᠯᠠᠨ ᠵᠢᠭᠤᠯᠴᠢᠳ ᠢ ᠬᠦᠯᠢᠶᠠᠨ ᠵᠤᠴᠢᠯᠠᠬᠤ ᠪᠤᠯᠤᠭᠰᠠᠨ ᠪᠠᠶᠢᠳᠠᠭ᠃ (ᠨᠡᠶᠢᠳᠡᠯᠡᠯ ᠵᠢᠷᠤᠭ ᠢ ᠰ᠂ᠰᠠᠴᠡᠠ᠂ ᠪᠠᠯᠰᠠᠩ)


ᠢᠷᠡᠯᠳᠡ : 

 ᠰᠢᠨᠬᠤᠧᠠ ᠮᠤᠩᠭᠤᠯ ᠨᠧᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ