ᠵᠤᠨ ᠤ ᠹᠦ᠋ ᠤᠷᠤᠬᠤ ᠶᠢ ᠪᠠᠰᠠ ᠴᠠᠭᠠᠨ ᠨᠢᠭᠤᠬᠳᠠᠯ ᠭᠡᠳᠡᠭ ᠶᠤᠮ᠃ ᠵᠢᠯ ᠪᠦᠷᠢ ᠹᠦ᠋ ᠤᠷᠤᠬᠤ ᠡᠳᠦᠷ ᠪᠠ ᠲᠡᠭᠦᠰᠬᠦ ᠡᠳᠦᠷ ᠨᠢ ᠠᠳᠠᠯᠢ ᠦᠭᠡᠢ᠂ ᠶᠡᠬᠡ ᠲᠦᠯᠦᠪ ᠠᠷᠭ᠎ᠠ ᠶᠢᠨ ᠤᠯᠠᠷᠢᠯ ᠤᠨ 7 ᠰᠠᠷ᠎ᠠ ᠶᠢᠨ ᠳᠤᠮᠳᠠᠴᠢ ᠡᠴᠡ 8 ᠰᠠᠷ᠎ᠠ ᠶᠢᠨ ᠳᠤᠮᠳᠠᠴᠢ ᠬᠦᠷᠲᠡᠯᠡᠬᠢ ᠬᠤᠭᠤᠴᠠᠭᠠᠨ ᠳ᠋ᠦ ᠳᠤᠬᠢᠶᠠᠯᠳᠤᠨ᠎ᠠ᠃ ᠪᠢᠯᠢᠭ ᠤᠨ ᠤᠯᠠᠷᠢᠯ ᠤᠨ ︽ᠦᠡᠭᠭᠡ ᠵᠢ ︵ᠡᠰᠢ ᠡᠷᠬᠡᠲᠡᠨ︶ ᠢᠶᠡᠷ ᠡᠳᠦᠷ ᠲᠡᠮᠳᠡᠭᠯᠡᠬᠦ ᠠᠷᠭ᠎ᠠ︾ ᠶᠢᠨ ᠶᠤᠰᠤᠭᠠᠷ ᠵᠤᠨ ᠤ ᠲᠦᠢᠯ ᠤᠷᠤᠬᠰᠠᠨ ᠤ ᠲᠠᠷᠠᠭᠠᠬᠢ ᠴᠠᠭᠠᠨ ᠡᠳᠦᠷ ᠡᠬᠢᠨ ᠤ ᠹᠦ᠋ ︵ᠪᠠᠰᠠ ᠠᠡᠭᠬ ᠠ ᠹᠦ᠋ ᠭᠡᠳᠡᠭ᠂ 10 ᠡᠳᠦᠷ ᠪᠠᠶᠢᠳᠠᠬ︶ ᠤᠷᠤᠵᠦ᠂ ᠳᠦᠷᠪᠡᠳᠡᠬᠢ ᠴᠠᠭᠠᠨ ᠡᠳᠦᠷ ᠡᠴᠡ ᠳᠤᠮᠳᠠ ᠹᠦ᠋ ︵ᠪᠠᠰᠠ ᠬᠤᠶᠠᠷ ᠹᠦ᠋ ᠭᠡᠳᠡᠭ᠂ ᠵᠠᠷᠢᠮ ᠵᠢᠯ 10 ᠡᠳᠦᠷ᠂ ᠵᠠᠷᠢᠮ ᠵᠢᠯ 20 ᠡᠳᠦᠷ ᠪᠠᠶᠢᠳᠠᠬ︶ᠤᠷᠤᠵᠦ᠂ ᠨᠠᠮᠤᠷ ᠤᠨ ᠠᠭᠤᠷ ᠤᠷᠤᠬᠰᠠᠨ ᠤ ᠳᠠᠷᠠᠭᠠᠬᠢ ᠨᠢᠭᠡᠳᠦᠭᠡᠷ ᠴᠠᠭᠠᠨ ᠡᠳᠦᠷ ᠡᠴᠡ ᠰᠡᠭᠦᠯ ᠤᠨ ᠹᠦ᠋ ︵ᠪᠠᠰᠠ ᠭᠤᠷᠪᠠᠨ ᠹᠦ᠋ ᠭᠡᠳᠡᠭ᠂ 10 ᠡᠳᠦᠷ ᠪᠠᠶᠢᠳᠠᠬ︶ᠤᠷᠤᠨ᠎ᠠ᠂ ᠡᠳᠡᠭᠡᠷ  ᠨᠡᠶᠢᠯᠡᠭᠦᠯᠦᠭᠡᠳ ︽ᠭᠤᠷᠪᠠᠨ ᠹᠦ᠋︾ᠭᠡᠳᠡᠭ ᠶᠤᠮ᠃ ᠬᠡᠯᠡᠯᠭᠡᠨ ᠦᠭᠡᠢ ᠡᠨᠡ ᠨᠢ ᠨᠢᠭᠡ ᠵᠢᠯ ᠤᠨ ᠬᠠᠮᠤᠬ ᠤᠨ ᠬᠠᠯᠠᠭᠤᠨ ᠬᠤᠭᠤᠴᠠᠭ᠎ᠠ ᠪᠤᠯᠤᠨ᠎ᠠ᠃ ᠡᠶᠢᠮᠦ ᠡᠴᠡ ︽ᠭᠤᠷᠪᠠᠨ ᠹᠦ᠋︾ᠳ᠋ᠦ ᠰᠢᠮ᠎ᠡ ᠲᠡᠵᠢᠭᠡᠯ ᠨᠦᠬᠦᠪᠦᠷᠢᠯᠡᠬᠦ ᠶᠢ ᠠᠡᠭᠬᠠᠷᠴᠦ᠂ ᠮᠢᠬ᠎ᠠ ᠲᠤᠰᠤ ᠪᠤᠯᠤᠨ ᠭᠤᠱᠤᠭᠤᠨ ᠢᠳᠡᠭᠡᠨ ᠪᠠᠭ᠎ᠠ ᠢᠳᠡᠵᠦ᠂ ᠳᠠᠮᠠᠬᠢ ᠠᠷᠢᠬᠢ ᠪᠠᠭ᠎ᠠ ᠡᠳ᠋ᠯᠡᠵᠦ᠂ ᠪᠡᠶ᠎ᠡ ᠪᠡᠨ ᠰᠤᠪᠢᠯᠠᠨ ᠡᠷᠡᠭᠦᠯᠵᠢᠯ ᠢᠶᠡᠨ ᠠᠡᠭᠬᠠᠷᠴᠦ᠂ ᠨᠠᠮ ᠲᠠᠶᠢᠪᠤᠭᠤ ᠪᠠᠶᠢᠵᠦ᠂ ᠪᠠᠴᠢᠮᠳᠠᠵᠦ ᠠᠭᠤᠷᠯᠠᠬᠤ ᠶᠢ ᠴᠡᠭᠡᠷᠯᠡᠬᠦ ᠬᠡᠷᠡᠭᠲᠡᠢ᠃

 2017 ᠤᠨ ᠤ ᠭᠤᠷᠪᠠᠨ ᠹᠦ᠋ ᠶᠢᠨ ᠬᠠᠯᠠᠭᠤᠨ ᠤ ᠪᠤᠳᠠᠳᠠᠢ ᠴᠠᠬ᠄ ᠭᠤᠷᠪᠠᠨ ᠹᠦ᠋ ᠨᠢ ᠲᠤᠰ ᠲᠤᠰ ᠡᠬᠢᠨ ᠤ ᠹᠦ᠋᠂ ᠳᠤᠮᠳᠠ ᠹᠦ᠋᠂ ᠰᠡᠭᠦᠯ ᠤᠨ ᠹᠦ᠋᠂ ᠨᠡᠶᠢᠳᠡ 40 ᠡᠳᠦᠷ᠃

 ᠡᠬᠢᠨ ᠤ ᠹᠦ᠋᠄ 2017 ᠤᠨ ᠤ 7 ᠰᠠᠷ᠎ᠠ ᠶᠢᠨ 12 ᠡᠴᠡ 7 ᠰᠠᠷ᠎ᠠ ᠶᠢᠨ 21 ᠪᠤᠯᠳᠠᠯ᠎ᠠ

 ᠳᠤᠮᠳᠠ ᠹᠦ᠋᠄ 2017 ᠤᠨ ᠤ 7 ᠰᠠᠷ᠎ᠠ ᠶᠢᠨ 22 ᠡᠴᠡ 8 ᠰᠠᠷ᠎ᠠ ᠶᠢᠨ 10 ᠪᠤᠯᠳᠠᠯ᠎ᠠ

 ᠰᠡᠭᠦᠯ ᠤᠨ ᠹᠦ᠋᠄ 2017 ᠤᠨ ᠤ 8 ᠰᠠᠷ᠎ᠠ ᠶᠢᠨ 11 ᠡᠴᠡ 8 ᠰᠠᠷ᠎ᠠ ᠶᠢᠨ 20 ᠪᠤᠯᠳᠠᠯ᠎ᠠ

ᠭᠤᠷᠪᠠᠨ ᠹᠦ᠋ ᠤᠷᠤᠬᠤ ᠳ᠋ᠦ ᠶᠠᠭᠤ ᠢᠳᠡᠪᠡᠯ ᠵᠤᠬᠢᠬᠤ ᠪᠤᠢ︖

 ᠭᠤᠷᠪᠠᠨ ᠹᠦ᠋ ᠶᠢᠨ ᠦᠶ᠎ᠡ ᠳ᠋ᠦ ᠠᠭᠠᠷ ᠴᠢᠬᠢᠭᠷᠡᠵᠦ᠂ ᠠᠭᠠᠷ ᠤᠨ ᠳᠤᠯᠠᠭᠠᠨ ᠲᠡᠭᠡᠭᠰᠢᠯᠡᠵᠦ᠂ ᠬᠦᠮᠦᠨ ᠤ ᠪᠡᠶ᠎ᠡ ᠳ᠋ᠦ ᠮᠠᠰᠢ ᠡᠪ ᠦᠭᠡᠢ ᠰᠠᠨᠠᠬᠳᠠᠳᠠᠬ᠂ ᠲᠡᠭᠡᠪᠡᠯ ᠡᠨᠡ ᠴᠠᠬ ᠲᠦ ᠶᠠᠭᠤ ᠢᠳᠡᠪᠡᠯ ᠵᠤᠬᠢᠬᠤ ᠪᠤᠢ︖

 ᠡᠯ᠎ᠡ ᠹᠦ᠋ ᠶᠢᠨ ᠬᠤᠭᠤᠴᠠᠭᠠᠨ ᠳ᠋ᠦ ᠶᠠᠭᠤ ᠢᠳᠡᠬᠦ ᠪᠤᠢ︖

ᠡᠬᠢᠨ ᠤ ᠹᠦ᠋ ᠶᠢᠨ ᠬᠤᠭᠤᠴᠠᠭᠠᠨ ᠳ᠋ᠦ ᠪᠠᠡᠭᠰᠢ ᠢᠳᠡᠬᠦ ᠨᠢ ᠢᠳᠡᠭᠡᠨ ᠤ ᠳᠤᠷᠠᠰᠢᠯ ᠢ ᠰᠠᠶᠢᠵᠢᠷᠠᠭᠤᠯᠳᠠᠬ᠃

ᠳᠤᠮᠳᠠ ᠹᠦ᠋ ᠶᠢᠨ ᠬᠤᠭᠤᠴᠠᠭᠠᠨ ᠳ᠋ᠦ ᠮᠢᠶᠠᠨᠲ᠋ᠢᠶᠤᠤᠷ ᠢᠳᠡᠨ᠎ᠡ᠃ ᠶᠠᠭᠤᠨ ᠳ᠋ᠦ ᠬᠠᠯᠠᠭᠤᠨ ᠴᠠᠬ ᠲᠦ ᠬᠠᠯᠠᠭᠤᠨ ᠮᠢᠶᠠᠨᠲ᠋ᠢᠶᠤᠤᠷ ᠢᠳᠡᠬᠦ ᠪᠤᠢ ᠭᠡᠪᠡᠯ ᠰᠢᠨ᠎ᠡ ᠭᠤᠯᠢᠷ ᠢᠶᠡᠷ ᠬᠢᠭᠰᠡᠨ ᠮᠢᠶᠠᠨᠲ᠋ᠢᠶᠤᠤᠷ ᠨᠢ ᠰᠢᠮ᠎ᠡ ᠲᠡᠵᠢᠭᠡᠯ ᠲᠠᠢ ᠪᠡᠷ ᠪᠠᠷᠠᠬᠤ ᠦᠭᠡᠢ ᠢᠳᠡᠭᠰᠡᠨ ᠬᠤᠶᠢᠨ᠎ᠠ ᠬᠦᠯᠦᠰᠦ ᠭᠠᠷᠬᠤ ᠨᠢ ᠡᠯᠳᠡᠪ ᠡᠪᠡᠳᠴᠢᠨ ᠢ ᠲᠠᠭᠤᠬᠤ ᠦᠢᠯᠡᠳᠦᠯ ᠲᠠᠢ᠃

 ᠰᠡᠭᠦᠯ ᠤᠨ ᠹᠦ᠋ ᠶᠢᠨ ᠬᠤᠭᠤᠴᠠᠭᠠᠨ ᠳᠦ ᠬᠠᠭᠤᠷᠤᠬᠰᠠᠨ ᠦᠨᠳᠡᠭᠡ ᠶᠢ ᠬᠠᠭᠠᠷᠢᠬᠰᠠᠨ ᠪᠤᠤᠪᠤ ᠪᠤᠭᠤᠵᠦ ᠢᠳᠡᠨ᠎ᠡ᠃

 ᠢᠳᠡᠰᠢᠨ ᠨᠤᠭᠤᠭ᠎ᠠ ᠢᠯᠡᠭᠦᠦ ᠢᠳᠡᠬᠦ

 ᠵᠤᠨ ᠤ ᠴᠠᠬ ᠢᠳᠡᠬᠦ ᠲᠤᠷᠠᠰᠢᠯ ᠮᠠᠭᠤᠳᠠᠬᠤ ᠶᠢ ᠳᠠᠭᠠᠯᠳᠤᠨ᠂ ᠬᠤᠳᠤᠭᠤᠳᠦ ᠲᠡᠯᠢᠭᠦᠦ ᠶᠢᠨ ᠠᠵᠢᠯᠯᠠᠭ᠎ᠠ ᠴᠦ ᠤᠳᠠᠭᠠᠰᠢᠷᠠᠳᠠᠬ ᠪᠠᠶᠢᠨ᠎ᠠ᠃ ᠡᠨᠡ ᠦᠶ᠎ᠡ ᠳ᠋ᠦ ᠰᠢᠨ᠎ᠡ ᠰᠤᠷᠭᠤᠬ ᠢᠳᠡᠰᠢᠨ ᠨᠤᠭᠤᠭ᠎ᠠ ᠢᠳᠡᠪᠡᠯ ᠬᠦᠮᠦᠨ ᠤ ᠪᠡᠶ᠎ᠡ ᠳ᠋ᠦ ᠬᠡᠷᠡᠭᠰᠡᠬᠦ ᠡᠨᠧᠷᠭᠢ ᠪᠠ ᠤᠰᠤᠨ ᠤ ᠬᠡᠮᠵᠢᠶ᠎ᠡ ᠶᠢ ᠨᠦᠬᠦᠪᠦᠷᠢᠯᠡᠬᠦ ᠪᠡᠷ ᠪᠠᠷᠠᠬᠤ ᠦᠭᠡᠢ᠂ ᠢᠳᠡᠭᠡᠨ ᠤ ᠳᠤᠷᠠᠰᠢᠯ ᠢ ᠪᠠᠰᠠ ᠲᠡᠭᠡᠭᠰᠢᠯᠡᠭᠦᠯᠳᠡᠭ᠃ ᠬᠤᠯᠤᠤᠪᠠᠡᠭ᠂ ᠨᠢᠮᠪᠡᠭᠡ᠂ ᠤᠯᠠᠭᠠᠨ ᠰᠠᠷᠪᠠᠯᠵᠢ ᠵᠡᠷᠭᠡ ᠨᠢ ᠵᠦᠪ ᠰᠤᠡᠭᠭᠤᠯᠳᠠ ᠪᠤᠯᠤᠨ᠎ᠠ᠃

ᠠᠭᠠᠬᠢᠮ᠎ᠠ ᠬᠠᠯᠠᠭᠤᠨ ᠳ᠋ᠦ ᠬᠦᠮᠦᠨ ᠠᠮᠠᠷᠬᠠᠨ ᠬᠦᠭᠡᠷᠴᠦ ᠬᠠᠯᠠᠭᠤᠳᠠᠨ᠂ ᠠᠭᠤᠷᠯᠠᠵᠦ ᠪᠤᠬᠢᠨᠢᠳᠤᠨ᠂ ᠨᠤᠶᠢᠷ ᠬᠤᠯᠵᠢᠬᠤ ᠵᠡᠷᠭᠡ ᠦᠵᠡᠭᠳᠡᠯ ᠭᠠᠷᠳᠠᠬ᠃ ᠡᠶᠢᠮᠦ ᠡᠴᠡ ᠬᠠᠯᠠᠭᠤᠨ ᠢ ᠬᠦᠭᠡᠭᠡᠬᠦ ᠨᠢ ᠮᠠᠰᠢ ᠴᠢᠬᠤᠯᠠ ᠶᠤᠮ᠃ ᠵᠤᠨ ᠤ ᠴᠠᠬ ᠲᠦ ᠬᠠᠯᠠᠭᠤᠨ ᠢ ᠬᠦᠭᠡᠭᠡᠬᠦ ᠳ᠋ᠦ ᠭᠠᠰᠢᠭᠤᠨ ᠬᠡᠮᠬᠡ᠂ ᠲᠦᠪᠡᠳ ᠬᠠᠰᠢ ᠮᠡᠳᠦ ᠶᠢᠨ ᠢᠳᠡᠰᠢᠨ ᠨᠤᠭᠤᠭ᠎ᠠ ᠶᠢ ᠢᠳᠡᠵᠦ ᠪᠤᠯᠤᠨ᠎ᠠ᠂ ᠦᠨᠢᠶᠡᠨ ᠰᠦ ᠨᠢ ᠮᠦᠨ ᠴᠦ ᠤᠰᠤ ᠨᠦᠬᠦᠵᠦ᠂ ᠬᠠᠯᠠᠭᠤᠨ ᠬᠤᠤᠷ ᠢ ᠲᠠᠶᠢᠯᠵᠦ᠂ ᠬᠠᠯᠠᠭᠤᠨ ᠢ ᠬᠦᠭᠡᠭᠡᠬᠦ ᠵᠦᠪ ᠰᠤᠡᠭᠭᠤᠯᠳᠠ ᠪᠤᠯᠬᠤ ᠶᠤᠮ᠃

ᠭᠠ ᠢᠳᠡᠬᠦ

ᠵᠤᠨ ᠤ ᠴᠠᠬ ᠲᠦ ᠢᠯᠡᠭᠦᠦ ᠭᠠ ᠢᠳᠡᠪᠡᠯ᠂ ᠬᠠᠯᠠᠭᠤᠨ ᠢ ᠬᠦᠭᠡᠭᠡᠵᠦ᠂ ᠬᠠᠨᠢᠶᠠᠳᠦ ᠶᠢ ᠵᠤᠬᠰᠤᠭᠠᠵᠦ᠂ ᠬᠤᠳᠤᠭᠤᠳᠤᠨ ᠳ᠋ᠦ ᠰᠠᠶᠢᠨ ᠪᠠᠶᠢᠳᠠᠬ᠃ ᠭᠤᠷᠪᠠᠨ ᠹᠦ᠋ ᠶᠢᠨ ᠬᠤᠭᠤᠴᠠᠭᠠᠨ ᠳ᠋ᠦ ᠭᠠ ᠲᠠᠢ ᠴᠠᠢ ᠤᠤᠭᠤᠬᠤ ᠨᠢ ᠮᠠᠰᠢ ᠰᠠᠶᠢᠨ ᠦᠢᠯᠡᠳᠦᠯ ᠲᠠᠢ ᠶᠤᠮ᠃ ᠲᠦᠭᠦᠬᠡᠢ ᠭᠠ 4 ᠬᠡᠰᠡᠭ ᠬᠡᠷᠴᠢᠵᠦ᠂ ᠴᠢᠪᠠᠭ᠎ᠠ 4᠂ ᠪᠤᠷᠠᠮ ᠪᠠᠭ᠎ᠠ ᠬᠡᠰᠡᠭ ᠢ ᠬᠠᠮᠳᠦ ᠤᠰᠤᠨ ᠳ᠋ᠦ ᠬᠢᠵᠦ ᠤᠤᠭᠤᠨ᠎ᠠ᠃ ᠭᠠ ᠲᠠᠢ ᠴᠠᠢ ᠶᠢ ᠵᠢᠯ ᠤᠨ ᠳᠦᠷᠪᠡᠨ ᠤᠯᠠᠷᠢᠯ ᠳ᠋ᠦ ᠪᠦᠷ ᠤᠤᠭᠤᠵᠦ ᠪᠤᠯᠤᠨ᠎ᠠ᠃ ᠭᠡᠬᠦ ᠳ᠋ᠦ ᠵᠤᠨ ᠤ ᠴᠠᠬ ᠪᠤᠯ ᠭᠠ ᠲᠠᠢ ᠴᠠᠢ ᠤᠤᠭᠤᠬᠤ ᠬᠠᠮᠤᠬ ᠤᠨ ᠳᠤᠬᠢᠷᠠᠮᠵᠢᠲᠠᠢ ᠴᠠᠬ ᠪᠤᠯᠤᠨ᠎ᠠ᠃

ᠹᠦ᠋ ᠶᠢᠨ ᠬᠠᠯᠠᠭᠤᠨ ᠳ᠋ᠦ ᠨᠠᠷᠠᠰᠢᠬᠤ ᠡᠴᠡ ᠬᠡᠷᠬᠢᠨ ᠰᠡᠷᠬᠡᠶᠢᠯᠡᠬᠦ ᠪᠤᠢ

ᠵᠤᠨ ᠤ ᠤᠯᠠᠷᠢᠯ ᠳ᠋ᠦ ᠬᠦᠢᠳᠡᠨ ᠰᠡᠷᠢᠭᠦᠨ ᠤᠮᠳᠠᠭᠠᠨ ᠢ ᠢᠳᠡᠵᠦ ᠤᠤᠭᠤᠬᠤ ᠳ᠋ᠦ ᠠᠡᠭᠬᠠᠷᠬᠤ ᠴᠢᠬᠤᠯᠠ ᠲᠠᠢ ᠵᠦᠢᠯ ᠤᠯᠠᠨ ᠪᠠᠶᠢᠳᠠᠬ᠃ ᠭᠤᠷᠪᠠᠨ ᠹᠦ᠋ ᠶᠢᠨ ᠡᠳᠦᠷ ᠤᠳ ᠲᠦ ᠨᠢᠭᠡ ᠵᠢᠯ ᠤᠨ ᠬᠠᠮᠤᠬ ᠤᠨ ᠬᠠᠯᠠᠭᠤᠨ ᠴᠠᠬ ᠬᠤᠭᠤᠴᠠᠭ᠎ᠠ ᠶᠤᠮ᠃ ᠮᠦᠨᠴᠦ᠂ ᠹᠦ᠋ ᠶᠢᠨ ᠬᠠᠯᠠᠭᠤᠨ ᠡᠴᠡ ᠪᠤᠯᠤᠬᠰᠠᠨ ᠡᠯᠳᠡᠪ ᠡᠪᠡᠳᠴᠢᠨ ᠡᠮᠬᠡᠭ ᠡᠭᠦᠰᠳᠡᠭ ᠦᠶ᠎ᠡ ᠪᠤᠯᠤᠨ᠎ᠠ᠃ ᠲᠤᠰᠬᠠᠢ ᠮᠡᠷᠭᠡᠵᠢᠯᠲᠡᠳ ᠪᠢᠳᠡᠨ ᠳ᠋ᠦ᠂ ᠬᠤᠳᠠ ᠶᠢᠨ ᠰᠠᠭᠤᠭᠠᠯᠢᠴᠢᠳ ᠠᠭᠠᠷᠵᠢᠭᠤᠯᠤᠬᠴᠢ ᠶᠢᠨ ᠡᠪᠡᠳᠴᠢᠨ ᠭᠡᠮ᠂ ᠴᠢᠴᠠᠭ᠎ᠠ ᠠᠯᠳᠠᠬᠤ ᠪᠤᠯᠤᠨ ᠲᠦᠷᠭᠡᠨ ᠴᠢᠨᠠᠷᠲᠠᠢ ᠬᠤᠳᠤᠭᠤᠳᠦ ᠭᠡᠳᠡᠰᠦᠨ ᠤ ᠦᠷᠪᠢᠰᠦᠯ᠂ ᠨᠠᠷᠠᠰᠢᠬᠤ ᠵᠡᠷᠭᠡ ᠬᠠᠯᠠᠭᠤᠨ ᠤ ᠴᠠᠬ ᠲᠦ ᠬᠢᠯᠪᠠᠷᠬᠠᠨ ᠲᠤᠰᠬᠤ ᠲᠦᠷᠪᠡᠨ ᠡᠪᠡᠳᠴᠢᠨ ᠢ ᠤᠨᠴᠠᠭᠠᠶᠢᠯᠠᠨ ᠰᠡᠷᠬᠡᠶᠢᠯᠡᠬᠦ ᠬᠡᠷᠡᠭᠲᠡᠢ ᠭᠡᠵᠦ ᠰᠠᠨᠠᠭᠤᠯᠵᠦ ᠪᠠᠶᠢᠨ᠎ᠠ᠃ ᠡᠭᠦᠨ ᠳ᠋ᠦ᠂ ᠶᠡᠷᠦ ᠶᠢᠨ ᠦᠶ᠎ᠡ ᠳ᠋ᠡᠭᠡᠨ ᠰᠢᠡᠭᠬᠡᠨ ᠢᠳᠡᠭᠡᠨ ᠤᠮᠳᠠᠭᠠᠨ ᠢᠶᠡᠷ ᠭᠤᠤᠯᠯᠠᠭᠤᠯᠵᠦ᠂ ᠲᠤᠰᠤ ᠶᠡᠬᠡᠲᠡᠢ᠂ ᠭᠠᠰᠢᠭᠤᠨ ᠭᠤᠰᠤᠭᠤᠨ ᠢᠳᠡᠭᠡᠨ ᠢ ᠳᠤᠲᠠᠭᠤ ᠢᠳᠡᠬᠦ ᠶᠢ ᠬᠢᠴᠢᠶᠡᠨ᠎ᠡ᠃ ᠲᠤᠬᠠᠶᠢᠯᠠᠪᠠᠯ᠂ ᠰᠢᠡᠭᠬᠡᠨ ᠪᠤᠳᠠᠭ᠎ᠠ᠂ ᠨᠤᠭᠤᠭᠠᠨ ᠪᠤᠷᠴᠠᠬ ᠤᠨ ᠰᠢᠭᠦᠰᠦ᠂ ᠵᠢᠮᠢᠰ ᠤᠨ ᠰᠠᠯᠠᠳ᠋᠂ ᠲᠦᠪᠡᠳ ᠬᠠᠰᠢ ᠪᠤᠶᠤ ᠴᠠᠭᠠᠨ ᠬᠡᠮᠬᠡ ᠶᠢᠨ ᠱᠦᠯᠦ ᠵᠡᠷᠭᠡ ᠶᠢ ᠢᠳᠡᠵᠦ ᠤᠤᠭᠤᠨ᠂ ᠬᠠᠯᠠᠭᠤᠨ ᠢ ᠬᠦᠭᠡᠭᠡᠵᠦ᠂ ᠴᠢᠬᠢᠭ ᠢ ᠲᠠᠭᠤᠨ᠂ ᠨᠠᠷᠠᠰᠢᠯ ᠢ ᠲᠠᠶᠢᠯᠵᠦ᠂ ᠲᠡᠯᠢᠭᠦᠦ ᠪᠡᠨ ᠴᠢᠬᠢᠷᠠᠬᠵᠢᠭᠤᠯᠪᠠᠯ ᠵᠤᠬᠢᠨ᠎ᠠ᠃ ᠤᠳᠠᠭᠠᠨ ᠴᠠᠬ ᠢᠶᠡᠷ ᠭᠠᠳᠠᠨ᠎ᠠ ᠠᠵᠢᠯᠯᠠᠳᠠᠬ ᠪᠤᠶᠤ ᠬᠦᠳᠡᠯᠭᠡᠭᠡᠨ ᠬᠢᠳᠡᠭ ᠬᠦᠮᠦᠰ ᠰᠤᠷᠭᠤᠬ ᠦᠨᠦᠷᠲᠦ ᠴᠡᠴᠡᠭ ᠤᠨ ᠤᠰᠤᠨ ᠡᠮ ᠵᠡᠷᠭᠡ ᠶᠢᠨ ᠨᠠᠷᠠᠰᠢᠬᠤ ᠡᠴᠡ ᠰᠡᠷᠬᠡᠶᠢᠯᠡᠬᠦ ᠡᠮ ᠲᠠᠡᠭ ᠠᠪᠴᠦ ᠶᠠᠪᠤᠬᠤ ᠬᠡᠷᠡᠭᠲᠡᠢ᠃ ᠬᠡᠷᠪᠡ ᠲᠤᠯᠤᠭᠠᠢ ᠡᠷᠭᠢᠬᠦ᠂ ᠪᠦᠭᠡᠯᠵᠢᠰᠦ ᠬᠤᠳᠬᠤᠬᠤ᠂ ᠴᠡᠭᠡᠵᠢ ᠪᠠᠴᠢᠮᠳᠠᠨ ᠠᠮᠢᠰᠬᠤᠯ ᠴᠢᠬᠤᠯᠳᠠᠬᠤ ᠵᠡᠷᠭᠡ ᠪᠠᠶᠢᠳᠠᠯ ᠭᠠᠷᠪᠠᠯ ᠨᠠᠷᠠᠰᠢᠬᠰᠠᠨ ᠤ ᠡᠬᠢᠨ ᠤ ᠦᠶ᠎ᠡ ᠶᠢᠨ ᠢᠯᠡᠷᠡᠯ ᠪᠠᠶᠢᠵᠦ ᠮᠡᠳᠡᠬᠦ ᠪᠤᠯᠬᠤᠷ ᠬᠠᠯᠠᠭᠤᠨ ᠤᠷᠴᠢᠨ ᠡᠴᠡ ᠳᠠᠷᠤᠶᠢᠬᠠᠨ ᠵᠠᠶᠯᠠᠵᠦ᠂ ᠰᠡᠭᠦᠳᠡᠷ ᠲᠠᠢ ᠰᠡᠷᠢᠭᠦᠨ ᠮᠦᠷᠳᠡᠬᠡᠨ ᠰᠠᠯᠬᠢ ᠨᠡᠪᠳᠡᠷᠡᠭᠰᠡᠨ ᠭᠠᠵᠠᠷ ᠲᠦ ᠬᠦᠷᠴᠦ ᠠᠮᠠᠷᠠᠬᠤ ᠶᠢᠨ ᠲᠠᠭᠠᠤ ᠳᠠᠪᠤᠰᠤ ᠠᠭᠤᠯᠤᠬᠰᠠᠨ ᠬᠦᠢᠲᠡᠨ ᠰᠡᠷᠢᠭᠦᠨ ᠤᠮᠳᠠᠭᠠᠨ ᠤᠤᠭᠤᠵᠦ᠂ ᠬᠠᠯᠠᠭᠤᠨ ᠢᠶᠡᠨ ᠪᠠᠭᠤᠷᠠᠭᠤᠯᠪᠠᠯ ᠵᠤᠬᠢᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ