— 0᠄ 2 ᠤᠨ ᠬᠠᠷᠢᠴᠠᠯ ᠢᠶᠠᠷ ᠬᠤᠴᠤᠷᠤᠯ᠎ᠠ᠂ ᠬᠠᠶᠢᠨᠴᠠᠭᠤᠯᠵᠤ ᠡᠰᠡᠪᠡᠯ ᠢᠯᠠᠵᠤ ᠴᠢᠳᠠᠬᠤ  ᠭᠡᠵᠦ  ᠦᠦ︖ ᠭᠡᠵᠤ ᠪᠤᠳᠤᠯᠭᠦᠨᠳᠦ ᠪᠠᠶᠢᠭᠰᠠᠨ ᠶᠤᠮ᠃ ᠬᠠᠷᠢᠨ ᠮᠠᠨ ᠤ ᠠᠩᠭᠢ ᠡᠴᠤᠰ ᠲᠤᠨᠢ ᠳᠤᠯᠳᠠᠯ᠎ᠠ ᠳᠠᠮᠠᠴᠠᠵᠤ᠂ ᠭᠠᠶᠢᠬᠠᠮᠰᠢᠬ ᠡᠭᠦᠳᠴᠦ ᠴᠢᠳᠠᠯ᠎ᠠ᠂ᠪᠢᠳᠠ ᠳᠠᠰ ᠬᠠᠮᠠᠭᠠᠯᠠᠵᠤ ᠴᠢᠳᠠᠯ᠎ᠠ ᠰᠢᠦ︕      

《ᠭᠠᠶᠢᠬᠠᠮᠰᠢᠭ》 ᠭᠡᠳᠡᠭ ᠦᠭᠡ ᠴᠢᠩᠳᠤᠤ ᠶᠢᠨ ᠬᠤᠸᠠᠩ ᠬᠠᠢ ᠠᠩᠭᠢ ᠯᠤᠭ᠎ᠠ ᠶᠢᠨ ᠤᠷᠤᠯᠳᠤᠭᠠᠨ ᠳᠠᠭᠤᠰᠤᠭᠰᠠᠨ ᠤᠳᠠᠷᠠᠭᠠᠭᠢ ᠰᠤᠨᠢᠨ ᠮᠡᠳᠡᠭᠡ ᠨᠡᠶᠢᠳᠡᠯᠡᠭᠦ ᠬᠤᠷᠠᠯ ᠳᠡᠭᠡᠷ᠎ᠠ᠂ ᠭᠦᠭᠡᠬᠤᠳᠠ ᠶᠢᠨ ᠠᠩᠭᠢ ᠶᠢᠨ ᠳᠠᠰᠬᠠᠯᠵᠢᠭᠤᠯᠤᠭᠴᠢ ᠶᠢᠨ ᠬᠠᠮᠤᠭ ᠤᠨᠤᠯᠠᠨ ᠳᠤᠷᠠᠳᠤᠭᠰᠠᠨ ᠦᠭᠡ ᠪᠤᠯᠤᠨ᠎ᠠ᠃ ᠰᠠᠶᠢᠬᠠᠨ ᠳᠠᠭᠤᠰᠤᠭᠰᠠᠨ 2018 ᠤᠨ ᠤ ᠳᠤᠮᠳᠠᠳᠤ ᠤᠯᠤᠰ ᠤᠨ ᠭᠦᠭᠡ ᠳᠠᠰ ᠤᠨ ᠬᠤᠯᠪᠤᠭᠠᠳᠦ ᠤᠷᠤᠯᠳᠤᠭᠠᠨ ᠳᠤ᠂ ᠭᠦᠭᠡᠬᠤᠳᠠ ᠶᠢᠨ ᠠᠩᠭᠢ ᠳᠠᠭᠢᠨ ᠨᠢᠭᠡ ᠤᠳᠠᠭ᠎ᠠ ᠬᠤᠪᠢ ᠵᠠᠶᠠᠭᠠᠨ ᠤ ᠪᠠᠨ ᠡᠷᠭᠢᠯᠳᠠ ᠶᠢ ᠪᠡᠶᠡᠯᠡᠭᠦᠯᠵᠤ᠂ ᠭᠠᠶᠢᠬᠠᠮᠰᠢᠭ ᠢ ᠡᠭᠦᠳᠦᠭᠰᠡᠨ ᠪᠢᠯᠠ᠃ 

ᠳᠤᠰ ᠵᠢᠯ ᠤᠨ ᠬᠤᠯᠪᠤᠭᠠᠳᠦ ᠤᠷᠤᠯᠳᠤᠭᠠᠨ ᠤ ᠳᠦᠷᠢᠮ ᠢ ᠦᠨᠳᠦᠰᠦᠯᠠᠪᠠᠯ᠂ ᠭᠦᠭᠡ ᠳᠠᠰ ᠤᠨ ᠬᠤᠯᠪᠤᠭᠠᠳᠦ ᠤᠷᠤᠯᠳᠤᠭᠠᠨ ᠤ14 ᠨᠡᠷ᠎ᠠ ᠨᠢ ᠳᠤᠮᠳᠠᠳᠦ ᠤᠯᠤᠰ ᠤᠨ ᠭᠦᠭᠡᠭᠴᠢᠨ ᠳᠠᠰ ᠤᠨ ᠬᠤᠯᠪᠤᠭᠠᠳᠦ ᠤᠷᠤᠯᠳᠤᠭᠠᠨ ᠤ ᠭᠤᠷᠪᠠᠳᠤᠭᠠᠷ ᠨᠡᠷ᠎ᠠ ᠲᠠᠢ ᠨᠦᠭᠦᠨ ᠰᠢᠯᠭᠠᠷᠠᠭᠤᠯᠤᠯᠳᠠ ᠶᠢᠨ ᠤᠷᠤᠯᠳᠤᠭᠠᠨ ᠭᠢᠵᠤ᠂ ᠢᠯᠠᠭᠰᠠᠨ ᠡᠳᠡᠭᠡᠳ ᠨᠢ ᠳᠠᠷᠠᠭ᠎ᠠ ᠵᠢᠯ ᠤᠨ ᠭᠦᠭᠡ ᠳᠠᠰ ᠤᠨ ᠬᠤᠯᠪᠤᠭᠠᠳᠦ ᠤᠷᠤᠯᠳᠤᠭᠠᠨ ᠳᠤ ᠦᠯᠡᠳᠡᠭᠦ ᠪᠤᠶᠤ ᠳᠠᠪᠰᠢᠬᠤ ᠪᠤᠯᠤᠨ᠎ᠠ᠃ ᠬᠠᠮᠤᠭ ᠤᠨ ᠡᠴᠤᠰ ᠤᠨ ᠨᠤᠭᠤᠯᠤᠭ᠎ᠠ ᠶᠢᠨ ᠡᠮᠦᠨ᠎ᠠ᠂ ᠭᠦᠭᠡᠬᠤᠳᠠ ᠶᠢᠨᠠᠩᠭᠢ 33 ᠬᠤᠪᠢ ᠪᠠᠷ ᠬᠤᠯᠪᠤᠭᠠᠳᠦ ᠤᠷᠤᠯᠳᠤᠭᠠᠨ ᠤ ᠨᠡᠷ᠎ᠠ ᠶᠢᠨ ᠵᠢᠭᠰᠠᠭᠠᠯᠳᠠ ᠳᠤ 13 ᠳ᠋ᠤᠭᠠᠷ ᠲᠤ ᠪᠠᠶᠢᠷᠢᠯᠠᠵᠤ᠂ᠮᠸᠢᠢᠵᠸᠦ ᠶᠢᠨ ᠳᠢᠶᠧ ᠬᠠᠨ ᠠᠮᠢ ᠠᠬᠤᠢ ᠶᠢᠨ ᠠᠩᠭᠢ ᠨᠢ 31 ᠬᠤᠪᠢ ᠪᠠᠷ 14 ᠳᠤ ᠵᠢᠭᠰᠠᠵᠤ ᠪᠠᠶᠢᠭᠰᠠᠨ ᠪᠦᠭᠡᠳ ᠬᠦᠬᠡᠬᠤᠳᠠ ᠶᠢᠨ ᠠᠩᠭᠢ ᠡᠵᠡᠨ ᠵᠤᠴᠢᠨ ᠳᠠᠯᠠᠪᠠᠢ ᠳᠤ ᠳᠢᠶᠧ ᠬᠠᠨ ᠠᠮᠢ ᠠᠬᠤᠢ ᠶᠢᠨ ᠠᠩᠭᠢ ᠶᠢ ᠬᠤᠶᠠᠷᠳᠠ ᠢᠯᠠᠭᠰᠠᠨ ᠢᠶᠠᠷ᠂ ᠬᠦᠭᠡᠬᠤᠳᠠ ᠶᠢᠨ ᠠᠩᠭᠢ ᠨᠢ ᠳᠤᠰ ᠳᠠᠯᠠᠪᠠᠢ ᠤᠷᠤᠯᠳᠤᠭᠠᠨ ᠵᠦᠪᠭᠡᠨ ᠬᠠᠶᠢᠨᠴᠠᠪᠠᠯ ᠳᠡᠰ ᠶᠢᠨ ᠬᠠᠮᠠᠭᠠᠯᠠᠵᠤ ᠴᠢᠳᠠᠬᠤ ᠪᠠᠶᠢᠯ᠎ᠠ᠃

ᠭᠦᠭᠡᠬᠤᠳᠠ ᠶᠢᠨ ᠠᠩᠭᠢ ᠶᠢᠨ ᠬᠠᠮᠤᠭ ᠤᠨ ᠡᠴᠤᠰ ᠤᠨ ᠨᠤᠭᠤᠯᠤᠭ᠎ᠠ ᠶᠢᠨ ᠦᠷᠢᠰᠦᠯᠳᠦᠭᠴᠢ ᠨᠢ ᠴᠢᠩᠳᠤᠤ ᠶᠢᠨ ᠬᠤᠸᠠᠩᠬᠠᠢ ᠠᠩᠭᠢ ᠪᠠᠶᠢᠵᠤ᠂ ᠡᠳᠡᠨᠡᠶᠢᠭᠢᠨ ᠤ ᠡᠵᠡᠨ ᠳᠠᠯᠠᠪᠠᠢ ᠳᠤ ᠭᠦᠭᠡᠬᠤᠳᠠ ᠶᠢᠨ ᠠᠩᠭᠢ ᠭᠦᠭᠡ ᠳᠠᠰ ᠤᠨ ᠬᠤᠯᠪᠤᠭᠠᠳᠦ ᠤᠷᠤᠯᠳᠤᠭᠠᠨ ᠳᠤ 4 ᠵᠢᠯ ᠳᠤ ᠳᠦᠷᠪᠠᠨᠳᠠ ᠠᠶᠢᠯᠴᠢᠯᠠᠵᠤ᠂ 4 ᠳᠠᠯᠠᠪᠠᠢ ᠢᠯᠠᠭᠳᠠᠯ ᠠᠮᠰᠠᠭᠰᠠᠨ ᠭᠠᠰᠢᠭᠤᠨ ᠳᠡᠤᠭᠡ ᠲᠠᠢ ᠪᠢᠯᠠ᠃ᠡᠭᠦᠪᠡᠷ ᠪᠠᠷᠠᠬᠤ ᠦᠭᠡᠢ ᠬᠤᠸᠠᠩ ᠬᠠᠢ ᠠᠩᠭᠢ ᠨᠢ ᠭᠡᠷᠪᠡ ᠳᠤᠰ ᠳᠠᠯᠠᠪᠠᠢ ᠤᠷᠤᠯᠳᠤᠭᠠᠨ ᠳᠤ ᠢᠯᠠᠪᠠᠯ᠂ ᠪᠠᠰᠠᠴᠤ ᠭᠡᠳᠦ ᠳᠠᠰ ᠤᠨ ᠬᠤᠯᠪᠤᠭᠠᠳᠦ ᠤᠷᠤᠯᠳᠤᠭᠠᠨ ᠳᠤ ᠳᠠᠪᠰᠢᠵᠤ ᠴᠢᠳᠠᠬᠤ ᠮᠠᠭᠠᠳᠯᠠᠯ ᠲᠠᠢ ᠪᠠᠶᠢᠭᠰᠠᠨ ᠢᠶᠠᠷ ᠳᠠᠳᠠᠨ ᠤ 《ᠪᠠᠶᠢᠯᠳᠤᠭᠠᠨ》 ᠤ ᠡᠷᠴᠢ ᠭᠦᠴᠦᠨ ᠤᠷᠭᠢᠯᠤᠮ᠎ᠠ ᠪᠠᠶᠢᠪᠠ᠃

ᠤᠷᠤᠯᠳᠤᠭᠠᠨ ᠤ ᠦᠡᠭᠭᠡᠷᠡᠯᠳᠠ ᠨᠢ ᠨᠡᠩ ᠴᠦ ᠭᠦᠮᠦᠨ ᠤ ᠰᠠᠨᠠᠭᠠᠨ ᠳᠤ ᠤᠷᠤᠮ᠎ᠠ ᠥᠭᠡᠢ ᠵᠦᠴᠦᠭᠡᠯᠢᠭ ᠪᠠᠶᠢᠭᠰᠠᠨ ᠪᠠ ᠠᠮᠢᠰᠬᠤᠭ᠎ᠠ ᠪᠦᠭᠯᠡᠷᠡᠭᠦᠯᠦᠮ᠎ᠠ ᠪᠠᠴᠢᠮ ᠰᠢᠷᠦᠭᠦᠨ᠂ ᠤᠷᠪᠠᠭᠠᠨ ᠭᠦᠷᠪᠡᠭᠡᠨ ᠲᠠᠢ ᠪᠠᠶᠢᠯ᠎ᠠ᠃ ᠭᠦᠭᠡᠬᠤᠳᠠ ᠶᠢᠨ ᠠᠩᠭᠢ ᠨᠢ ᠭᠡᠳᠦ᠋ᠢᠪᠡᠷ ᠡᠭᠢᠯᠡᠮᠡᠭᠴᠠ 1 ᠬᠤᠪᠢ ᠠᠪᠬᠤ ᠵᠤᠷᠢᠭ ᠰᠢᠭᠤᠳᠤᠭᠰᠠᠨ ᠢᠶᠠᠨ ᠬᠠᠷᠠᠭᠤᠯᠵᠤ᠂ ᠬᠠᠮᠠᠭᠠᠯᠠᠯᠳᠠ ᠪᠠᠷ ᠭᠤᠤᠯᠳᠠᠭᠤᠯᠵᠤ᠂ ᠳᠠᠭᠠᠷᠢᠯᠳᠠᠳᠤᠩ ᠴᠦᠭᠡᠨ ᠪᠠᠶᠢᠭᠰᠠᠨ ᠪᠤᠯᠪᠠᠴᠤ᠂ 3 ᠬᠤᠪᠢ ᠯᠠ ᠠᠪᠤᠨ᠎ᠠ ᠭᠡᠰᠡᠨ ᠬᠤᠸᠠᠩ ᠬᠠᠢ ᠠᠩᠭᠢ ᠨᠢ ᠬᠠᠷᠢᠨ ᠪᠦᠭᠦ ᠳᠠᠯ᠎ᠠ ᠪᠠᠷᠳᠠᠭᠠᠷᠢᠯᠳᠠ ᠭᠢᠭᠰᠡᠨ ᠪᠦᠭᠡᠳ 13 ᠮᠢᠨᠦ᠋ᠲ ᠪᠠ 56 ᠮᠢᠨᠦ᠋ᠲ ᠲᠤ ᠳᠤᠰ ᠳᠤᠰ ᠪᠦᠮᠪᠦᠭᠡ ᠤᠷᠤᠭᠤᠯᠵᠤ᠂ 2᠄ 0 ᠢᠶᠠᠷ ᠮᠠᠰᠢ ᠳᠠᠪᠠᠭᠤ ᠪᠠᠶᠢᠷᠢ ᠶᠢ ᠡᠵᠡᠯᠡᠭᠰᠡᠨ ᠪᠠᠶᠢᠯ᠎ᠠ᠃ ᠬᠠᠷᠢᠨ ᠨᠦᠭᠦᠭᠡ ᠳᠠᠯᠠᠪᠠᠢ ᠤᠷᠤᠯᠳᠤᠭᠠᠨ ᠳᠤ ᠮᠸᠢᠢᠵᠸᠦ ᠶᠢᠨ ᠳᠢᠶᠧ ᠬᠠᠨ ᠠᠩᠭᠢ ᠨᠢ ᠪᠠᠰᠠᠴᠤ ᠬᠠᠶᠢᠴᠠᠬᠤ ᠪᠠᠶᠢᠳᠠᠯ ᠲᠠᠢ ᠪᠠᠶᠢᠭᠰᠠᠨ ᠪᠠ ᠡᠨᠡ ᠭᠦ ᠪᠠᠶᠢᠳᠠᠯ ᠳᠤ ᠭᠦᠭᠡᠬᠤᠳᠠ ᠶᠢᠨ ᠠᠩᠭᠢ ᠨᠢ ᠮᠦᠨ ᠳᠠᠰ ᠢᠶᠠᠨ ᠬᠠᠮᠠᠭᠠᠯᠠᠬᠤᠳᠠᠪᠠᠭᠤ ᠪᠠᠶᠢᠷᠢᠨ ᠳᠤ ᠪᠠᠶᠢᠪᠠ᠃ 66 ᠮᠢᠨᠦ᠋ᠲ ᠲᠤ ᠰᠠᠩᠭᠧᠷ ᠪᠦᠮᠪᠦᠭᠡ ᠤᠷᠤᠭᠤᠯᠵᠤ᠂ ᠬᠤᠪᠢ ᠶᠢᠨ ᠬᠠᠷᠢᠴᠠᠯ ᠢ 1᠄ 2ᠪᠤᠯᠭᠠᠭᠰᠠᠨ ᠪᠠ ᠨᠦᠭᠦᠭᠡ ᠳᠠᠯᠠᠪᠠᠢ ᠠᠴᠠ ᠴᠢᠮᠡᠭᠡ ᠢᠷᠡᠵᠤ᠂ ᠳᠢᠶᠧ ᠬᠠᠨ ᠠᠩᠬᠢ ᠪᠠᠰᠠ ᠬᠠᠶᠢᠨᠴᠠᠵᠤ ᠪᠠᠶᠢᠭ᠎ᠠ ᠭᠡᠰᠡᠨ ᠪᠠ ᠡᠨᠡᠭᠦ ᠪᠠᠶᠢᠳᠠᠯ ᠢᠶᠠᠷ ᠪᠤᠯ ᠭᠦᠭᠡᠬᠤᠳᠠ ᠶᠢᠨ ᠠᠩᠭᠢ ᠨᠢ ᠮᠦᠨ ᠳᠠᠰ ᠢᠶᠠᠨ ᠬᠠᠮᠠᠭᠠᠯᠠᠵᠤ ᠴᠢᠳᠠᠬᠤ ᠪᠠᠶᠢᠯ᠎ᠠ᠃ ᠬᠠᠷᠢᠨ ᠳᠡᠮᠡᠢ ᠤᠳᠠᠯ ᠦᠭᠡᠢ᠂ᠨᠦᠭᠦᠭᠡ ᠳᠠᠯᠠᠪᠠᠢ ᠠᠴᠠ ᠴᠢᠮᠡᠭᠡ ᠢᠷᠡᠵᠤ᠂ ᠳᠢᠶᠧ ᠬᠠᠨ ᠠᠩᠭᠢ ᠨᠢ ᠪᠦᠮᠪᠦᠭᠡ ᠤᠷᠤᠭᠤᠯᠵᠤ ᠬᠤᠪᠢ ᠶᠢᠨ ᠬᠠᠷᠢᠴᠠᠯ ᠳᠡᠭᠡᠷ᠎ᠡ ᠪᠠᠨᠤᠷᠢᠳᠠᠭᠰᠠᠨ ᠪᠠᠶᠢᠯ᠎ᠠ᠃ ᠡᠭᠦᠪᠡᠷ ᠳᠤᠰ ᠳᠠᠯᠠᠪᠠᠢ ᠤᠷᠤᠯᠳᠤᠭᠠᠨ ᠤ ᠠᠭᠤᠷ ᠠᠮᠢᠰᠬᠤᠯ ᠨᠢᠭᠡᠯᠠ ᠳᠡᠭᠡᠷ᠎ᠠ ᠬᠤᠷᠴᠠ ᠰᠢᠷᠦᠭᠦᠨ ᠪᠤᠯᠵᠤ᠂ ᠭᠦᠭᠡᠬᠤᠳᠠ ᠶᠢᠨ ᠠᠩᠭᠢ ᠨᠢ ᠠᠷᠭ᠎ᠠ ᠦᠭᠡᠢ ᠶᠢᠨ ᠡᠷᠭᠡᠨ ᠳᠤ ᠪᠦᠭᠦ ᠳᠠᠯ᠎ᠠ ᠪᠠᠷ ᠳᠠᠭᠠᠷᠢᠯᠳᠠ ᠭᠢᠵᠤ ᠡᠭᠢᠯᠡᠪᠡ᠃ 82 ᠮᠢᠨᠦ᠋ᠲ ᠲᠤ ᠰᠠᠩᠭᠧᠷ ᠳᠠᠭᠢᠨᠳᠠ ᠪᠦᠮᠪᠦᠭᠡ ᠤᠷᠤᠭᠤᠯᠵᠤ ᠬᠤᠪᠢ ᠶᠢᠨ ᠬᠠᠷᠢᠴᠠᠯ ᠢ 2᠄ 2 ᠪᠤᠯᠭᠠᠭᠰᠠᠨ ᠪᠠᠶᠢᠨ᠎ᠠ᠃ ᠦᠯᠡᠳᠡᠭᠰᠡᠨ ᠴᠠᠭ ᠲᠤ ᠭᠦᠭᠡᠬᠤᠳᠠ ᠶᠢᠨ ᠠᠩᠭᠢ ᠡᠨᠡᠭᠦ ᠬᠤᠪᠢ ᠶᠢᠨ ᠬᠠᠷᠢᠴᠠᠯ ᠢᠶᠠᠨ ᠪᠠᠳᠤᠯᠠᠵᠤ ᠴᠢᠳᠠᠪᠠᠯ᠂ ᠨᠦᠭᠦᠭᠡ ᠳᠠᠯᠠᠪᠡᠢ ᠤᠷᠤᠯᠳᠤᠭᠠᠨ ᠶᠠᠮᠠᠷ ᠦᠷ᠎ᠠ ᠳ᠋ᠦᠡᠭ ᠲᠠᠢ ᠪᠤᠯᠤᠭᠰᠠᠨ ᠴᠤ ᠬᠦᠭᠡᠬᠤᠳᠠ ᠶᠢᠨ ᠠᠩᠭᠢ ᠠᠮᠵᠢᠯᠳᠠ ᠲᠠᠢ 《ᠡᠷᠭᠢᠨ ᠲᠡᠭᠡᠷ᠎ᠠ ᠭᠠᠷᠴᠤ》 ᠴᠢᠳᠠᠬᠤ ᠪᠠᠶᠢᠯ᠎ᠠ᠃ᠦᠯᠡᠳᠡᠭᠰᠡᠨ ᠴᠠᠭ ᠲᠤ ᠭᠦᠭᠡᠬᠤᠳᠠ ᠶᠢᠨ ᠠᠩᠭᠢ ᠨᠢ ᠴᠦᠮ ᠬᠤᠷᠢᠭ᠎ᠠ ᠱᠤᠭᠤᠮ ᠳᠠᠭᠠᠨ ᠬᠠᠮᠠᠭᠠᠯᠠᠯᠳᠠ ᠭᠢᠭᠰᠡᠨ ᠪᠦᠭᠡᠳ ᠬᠤᠸᠠᠩᠬᠠᠢ ᠠᠩᠭᠢ ᠨᠢ ᠪᠦᠭᠦ ᠳᠠᠯ᠎ᠠ ᠪᠠᠷ ᠳᠠᠭᠠᠷᠢᠯᠳᠠ ᠭᠢᠭᠰᠡᠨ ᠪᠤᠯᠪᠠᠴᠤ ᠪᠦᠮᠪᠦᠭᠡ ᠤᠷᠤᠭᠤᠯᠵᠤ ᠴᠢᠳᠠᠭ᠎ᠠ ᠦᠭᠡᠢ᠂ ᠡᠴᠤᠰ ᠤᠨᠬᠤᠪᠢ ᠶᠢᠨ ᠬᠠᠷᠢᠴᠠᠯ 2᠄ 2 ᠳᠡᠭᠡᠷ᠎ᠠ ᠳᠤᠭᠳᠠᠭᠰᠠᠨ ᠪᠠᠶᠢᠨ᠎ᠠ᠃ 《ᠭᠠᠶᠢᠬᠠᠮᠰᠢᠭ》 ᠡᠶᠢᠨᠭᠦ ᠳᠤᠳᠤᠷᠠᠯ᠎ᠠ᠃

ᠳᠤᠰ ᠳᠠᠯᠠᠪᠠᠢ ᠠᠮᠢᠰᠬᠤᠭ᠎ᠠ ᠪᠦᠭᠯᠡᠷᠡᠭᠦᠯᠦᠮ᠎ᠠ ᠪᠠᠴᠢᠮᠳᠠᠭᠤ ᠰᠢᠷᠦᠭᠦᠨ ᠤᠷᠤᠯᠳᠤᠭᠠᠨ ᠨᠢ ᠶᠠᠭ ᠯᠠ ᠭᠦᠭᠡᠬᠤᠳᠠ ᠶᠢᠨ ᠠᠩᠬᠢ ᠶᠢᠨ ᠳᠤᠰ ᠤᠷᠤᠯᠳᠤᠭᠠᠨ ᠤ ᠤᠯᠠᠷᠢᠯ ᠳᠠᠬᠢ ᠭᠦᠭᠡ ᠳᠠᠰ ᠤᠨ ᠬᠤᠯᠪᠤᠭᠠᠳᠦ ᠤᠷᠤᠯᠳᠤᠭᠠᠨ ᠳᠤ ᠳᠡᠮᠡᠴᠡᠭᠰᠡᠨ ᠦᠡᠭᠭᠡᠷᠡᠯᠳᠠ ᠶᠢᠨ ᠭᠢᠨᠢ ᠴᠤᠮᠬᠤᠳᠬᠠᠯ ᠭᠡᠮᠡᠷ ᠶᠤᠮ᠃ ᠤᠷᠤᠯᠳᠤᠭᠠᠨ ᠤ ᠤᠯᠠᠷᠢᠯ ᠤᠨ ᠡᠭᠢᠨ ᠤ ᠬᠤᠭᠤᠴᠠᠭᠠᠨ ᠳᠤ᠂ ᠭᠦᠭᠡᠬᠤᠳᠠ ᠶᠢᠨᠠᠩᠭᠢ ᠶᠢᠨ ᠳᠠᠰᠬᠠᠯᠵᠢᠭᠤᠯᠤᠭᠴᠢ ᠸᠠᠩ ᠪᠦᠸᠧ᠂ ᠪᠦᠮᠪᠦᠭᠡᠴᠢᠨ ᠮᠠᠤ ᠺᠠᠢ ᠢᠦᠢ᠂ ᠨᠢᠵᠠᠮᠦ᠋ᠳᠢᠩ᠂ ᠯᠦᠸᠧ ᠬᠤᠤ᠂ ᠶᠢ ᠯᠦ ᠵᠡᠷᠭᠡ ᠠᠯᠢ ᠤᠯᠠᠨ ᠭᠤᠤᠯᠯᠠᠭᠴᠢ ᠪᠦᠮᠪᠦᠭᠡᠴᠢᠨ ᠰᠠᠯᠵᠤ ᠶᠠᠪᠤᠬᠰᠡᠨ ᠢᠶᠠᠷ ᠪᠦᠮᠪᠦᠭᠡᠨ ᠠᠩᠭᠢ ᠨᠢ ᠤᠷᠢᠳ ᠡᠮᠦᠨ᠎ᠠ ᠪᠠᠶᠢᠭ᠎ᠠ ᠦᠭᠡᠢ ᠭᠠᠴᠢᠭᠳᠠᠯ ᠳᠤ ᠤᠴᠠᠷᠠᠵᠤ᠂ ᠡᠮᠦᠨ᠎ᠠ 15 ᠳᠠᠯᠠᠪᠠᠢ ᠤᠷᠤᠯᠳᠤᠭᠠᠨ ᠳᠤ 3 ᠢᠯᠠᠵᠤ᠂ 1 ᠬᠠᠶᠢᠨᠴᠠᠨ᠂ 13 ᠢᠯᠠᠭᠳᠠᠭᠰᠠᠨ ᠮᠠᠰᠢ ᠠᠨᠠᠶᠢᠬᠠᠨ ᠭᠢᠷᠢ ᠪᠦᠳᠦᠮᠵᠢ ᠲᠠᠢ ᠪᠠᠶᠢᠪᠠ᠃ ᠭᠦᠭᠡᠬᠤᠳᠠ ᠶᠢᠨ ᠠᠩᠭᠢ ᠶᠢᠨ ᠳᠠᠰ ᠪᠠᠭᠤᠷᠠᠬᠤ ᠠᠶᠤᠯ ᠮᠠᠰᠢ ᠶᠡᠭᠡ ᠪᠤᠯᠤᠯ᠎ᠠ᠃ ᠶᠠᠭ ᠡᠨᠡᠭᠦ ᠵᠠᠩᠭᠢᠯᠠᠭ᠎ᠠ ᠶᠢᠨ ᠮᠦᠴᠠ ᠳᠤ ᠪᠦᠮᠪᠦᠭᠡᠨ ᠠᠩᠭᠢ ᠶᠢᠨ ᠤᠤᠯ ᠤᠨ ᠳᠠᠰᠬᠠᠯᠵᠢᠭᠤᠯᠤᠭᠴᠢ ᠸᠠᠩ ᠪᠦᠸᠧ ᠪᠦᠮᠪᠦᠭᠡᠨ ᠠᠩᠭᠢ ᠳᠠᠭᠠᠨᠡᠭᠡᠵᠤ ᠢᠷᠡᠭᠰᠠᠨ ᠪᠠᠶᠢᠨ᠎ᠠ᠃

ᠡᠨᠡ ᠦᠶ᠎ᠠ ᠳᠤ ᠭᠦᠭᠡᠬᠤᠳᠠ ᠶᠢᠨ ᠠᠩᠭᠢ ᠨᠢ ᠳᠠᠰ ᠪᠠᠭᠤᠷᠠᠬᠤ ᠱᠠᠯᠪᠠᠭ ᠲᠤ ᠰᠢᠪᠠᠷᠳᠠᠵᠤ᠂ ᠬᠤᠶᠢᠨ᠎ᠠ ᠠᠴᠠ ᠨᠢ ᠳᠤᠭᠠᠯᠠᠭᠠᠳᠬᠤᠶᠠᠳᠤᠭᠠᠷ ᠲᠤ ᠪᠠᠶᠢᠷᠢᠯᠠᠵᠤ᠂ ᠡᠮᠦᠨ᠎ᠠ ᠪᠠᠶᠢᠭ᠎ᠠ ᠳᠢᠶᠧ ᠬᠠᠨ ᠠᠩᠭᠢ ᠪᠠ ᠳ᠋ᠠᠯᠢᠶᠠᠨ ᠤ ᠴᠤᠤ ᠶᠤᠸᠠᠢ ᠠᠩᠭᠢ ᠠᠴᠠ ᠳᠤᠰ ᠳᠤᠰ 7 ᠬᠤᠪᠢ ᠪᠠ 3 ᠬᠤᠪᠢ ᠬᠤᠴᠤᠷᠴᠤ ᠪᠠᠶᠢᠯ᠎ᠠ᠃ ᠸᠡᠩ ᠪᠦᠸᠧ ᠠᠩᠭᠢ ᠳᠠᠭᠠᠨ ᠪᠤᠴᠠᠭᠰᠠᠨ ᠤ ᠳᠠᠷᠠᠭᠠᠭᠢ 6 ᠳᠠᠯᠠᠪᠠᠢᠤᠷᠤᠯᠳᠤᠭᠠᠨ ᠳᠤ ᠭᠦᠭᠡᠬᠤᠳᠠ ᠶᠢᠨ ᠠᠩᠭᠢ 5 ᠢᠯᠠᠵᠤ 1 ᠬᠠᠶᠢᠨᠴᠠᠭᠰᠠᠨ ᠭᠢᠯᠠᠷᠠᠮ᠎ᠠ ᠭᠢᠷᠢ ᠪᠦᠳᠦᠮᠵᠢ ᠪᠠᠷ ᠳᠤᠰ ᠬᠤᠶᠠᠷ ᠠᠩᠭᠢ ᠶᠢ ᠭᠦᠭᠡᠭᠡᠵᠤ ᠭᠦᠢᠴᠡᠭᠰᠡᠨ ᠪᠦᠭᠡᠳ ᠳᠠᠭᠠᠷᠢᠭᠰᠠᠨ ᠪᠠᠶᠢᠨ᠎ᠠ᠃ ᠡᠶᠢᠨᠭᠦ 《ᠳᠠᠯᠠᠨ ᠪᠠᠷᠳᠠᠭ᠎ᠠ》 ᠳᠤᠭᠤᠯᠤᠨ ᠪᠠᠶᠢᠵᠤ ᠭᠦᠭᠡᠬᠤᠳᠠ ᠶᠢᠨᠠᠩᠭᠢ ᠡᠴᠤᠰ ᠲᠡᠭᠡᠨ ᠳᠠᠰ ᠬᠠᠮᠠᠭᠠᠯᠠᠬᠤ ᠳᠠᠶᠢᠨ ᠤ ᠢᠯᠠᠯᠳᠠ ᠶᠢ ᠳᠠᠬᠢᠨᠳᠠ ᠤᠯᠤᠭᠰᠠᠨ ᠶᠤᠮ᠃

ᠢᠷᠡᠭᠡᠳᠦᠢ ᠶᠢᠨ ᠢᠶᠠᠨ ᠳᠤᠬᠠᠢ ᠶᠠᠷᠢᠬᠤ ᠳᠠᠭᠠᠨ ᠸᠡᠩ ᠪᠦᠸᠧ᠄ 《ᠤᠳᠤᠬᠠᠨ ᠳᠤ ᠭᠡᠳᠦᠨ ᠤᠷᠤᠨ ᠤ ᠭᠠᠳᠠᠨᠠᠭᠢ ᠠᠵᠤᠠᠬᠤᠢᠢᠯᠠᠯ ᠪᠦᠮᠪᠦᠭᠡᠨ ᠠᠩᠭᠢ ᠳᠤ ᠰᠤᠨᠢᠷᠬᠠᠯ ᠲᠠᠢ ᠪᠠᠶᠢᠨ᠎ᠠ᠂ ᠳᠠᠷᠠᠭ᠎ᠠ ᠤᠷᠤᠯᠳᠤᠭᠠᠨ ᠤ ᠤᠯᠠᠷᠢᠯ ᠤᠨ ᠬᠤᠯᠪᠤᠭᠠᠳᠦ ᠤᠷᠤᠯᠳᠤᠭᠠᠨ ᠳᠤ ᠤᠷᠤᠵᠤ ᠴᠢᠳᠠᠬᠤ ᠯᠠ ᠶᠤᠮ ᠪᠤᠯ᠂ ᠪᠢᠳᠡᠨ ᠤ ᠢᠷᠡᠭᠡᠳᠦᠢ ᠮᠦᠨ ᠴᠤ ᠰᠠᠷᠠᠭᠤᠯᠬᠠᠨ ᠪᠠᠶᠢᠭᠰᠠᠭᠠᠷ ᠶᠤᠮ ᠭᠡᠯ᠎ᠠ᠃ 4 ᠵᠢᠯ ᠤᠨ ᠬᠤᠭᠤᠴᠠᠭᠠᠨ ᠳᠤ᠂ ᠡᠨᠡ ᠭᠦ ᠪᠦᠮᠪᠦᠭᠡᠨ ᠠᠩᠭᠢ ᠨᠢ ᠦᠪᠦᠷ ᠮᠤᠩᠭᠤᠯ ᠤᠨ ᠭᠦᠯ ᠪᠦᠮᠪᠦᠭᠡ ᠶᠢᠨ ᠠᠩᠬᠢ ᠶᠢᠨᠳᠤᠮᠳᠠᠳᠤ ᠤᠯᠤᠰ ᠤᠨ ᠮᠡᠷᠭᠡᠵᠢᠯ ᠤᠨ ᠭᠦᠯ ᠪᠦᠮᠪᠦᠭᠡ ᠶᠢᠨ ᠬᠤᠯᠪᠤᠭᠠᠳᠦ ᠤᠷᠤᠯᠳᠤᠭᠠᠨ ᠳᠤ ᠤᠷᠤᠯᠴᠠᠭᠰᠠᠨ ᠠᠯᠢ ᠤᠯᠠᠨ ᠳᠡᠮᠳᠡᠭᠯᠡᠯ ᠢ ᠡᠭᠦᠳᠦᠭᠰᠡᠨ ᠪᠠ ᠰᠢᠨᠡᠳᠭᠡᠵᠤ᠂ ᠳ᠋ᠸᠡᠭ ᠬᠠᠨ ᠸᠧᠡ ᠰᠢᠭ ᠤᠯᠤᠰ ᠤᠨ ᠠᠩᠭᠢ ᠶᠢᠨ ᠰᠢᠯᠢᠳᠡᠭ ᠪᠦᠮᠪᠦᠭᠡᠴᠢᠨ ᠭᠦᠮᠦᠵᠢᠭᠦᠯᠦᠭᠰᠡᠨ ᠪᠠ ᠨᠢᠵᠠᠮᠦ᠋ᠳᠢᠩ᠂ ᠯᠦᠸᠧ ᠬᠤᠤ ᠵᠡᠷᠭᠡ ᠶᠢᠨ ᠪᠦᠮᠪᠦᠭᠡᠴᠢᠳ ᠢ ᠭᠡᠳᠦ ᠳᠠᠰ ᠤᠨ ᠬᠤᠯᠪᠤᠭᠠᠳᠦ ᠤᠷᠤᠯᠳᠤᠭᠠᠨ ᠳᠤᠭᠦᠮᠦᠵᠢᠭᠦᠯᠵᠤ ᠦᠭᠭᠦᠭᠰᠡᠨ ᠪᠠᠶᠢᠳᠠᠭ᠃ ᠡᠭᠦᠨ ᠤ ᠲᠠᠭᠠᠤ ᠳᠡᠳᠡᠨ ᠤ ᠨᠦᠯᠦᠭᠡᠯᠡᠯ ᠢᠶᠠᠷ ᠭᠦᠯ ᠪᠦᠮᠪᠦᠭᠡ ᠨᠢ ᠠᠯᠢ ᠤᠯᠠᠨᠭᠦᠭᠡᠬᠤᠳᠠ ᠶᠢᠨ ᠬᠤᠳᠠ ᠶᠢᠨ ᠠᠷᠠᠳ ᠤᠨ ᠠᠮᠢᠳᠤᠷᠠᠯ ᠳᠤᠮᠳᠡᠭᠢ ᠳᠤᠳᠠᠭᠳᠠᠵᠤ ᠪᠤᠯᠤᠰᠢ ᠦᠭᠡᠢ ᠵᠦᠢᠯ ᠪᠤᠯᠵᠤ᠂ ᠳᠠᠯᠠᠪᠠᠢ ᠪᠦᠷᠢ ᠶᠢᠨ ᠤᠷᠤᠯᠳᠤᠭᠠᠨ ᠳᠤᠨᠢ ᠳᠡᠭᠰᠢᠳᠭᠡᠭᠡᠳ ᠳᠦᠮᠠ ᠭᠠᠷᠤᠢ ᠦᠵᠡᠭᠴᠢ ᠲᠠᠢ ᠪᠤᠯᠤᠬᠰᠡᠨ ᠪᠠᠶᠢᠪᠠ᠃ ᠮᠦᠷᠦᠭᠡᠳᠦᠯ ᠤᠨ ᠳᠦᠯᠦᠭᠡ ᠮᠤᠬᠤᠰᠢ ᠥᠭᠡᠢ ᠵᠢᠳᠭᠦᠭᠰᠡᠨ ᠭᠦᠭᠡᠬᠤᠳᠠ ᠶᠢᠨ ᠠᠩᠭᠢ ᠶᠢᠨ ᠢᠷᠡᠭᠦ ᠮᠠᠷᠭᠠᠰᠢ ᠨᠡᠩ ᠰᠠᠷᠠᠭᠤᠯᠬᠠᠨ ᠪᠤᠯᠳᠤᠭᠠᠢ᠃

ᠢᠷᠡᠯᠳᠡ : 

  ᠦᠪᠦᠷ ᠮᠤᠡᠭ᠌ᠭᠤᠯ ᠤᠨ ᠡᠳᠤᠷ ᠤᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ