ᠶᠠᠫᠤᠨ ᠤ ᠠᠶᠢᠰᠢᠷᠦ᠋ ᠶᠡᠬᠡ ᠰᠤᠷᠭᠠᠭᠤᠯᠢ ᠶᠢᠨ ᠰᠢᠮ᠎ᠡ ᠲᠡᠵᠢᠭᠡᠯ ᠤᠨ ᠤᠬᠠᠭᠠᠨᠳᠠᠳ ᠤᠨ ᠤᠯᠵᠦ ᠮᠡᠳᠡᠭᠰᠡᠨ ᠢᠶᠡᠷ᠂ ᠦᠷᠯᠦᠭᠡ ᠬᠤᠭᠤᠯᠠᠨ ᠳ᠋ᠠᠭᠠᠨ ᠪᠤᠷᠴᠠᠬ ᠤᠨ ᠵᠦᠢᠯᠡᠰ ᠢ ᠢᠳᠡᠪᠡᠯ ᠬᠤᠭᠤᠯᠠᠨ ᠤ ᠳᠠᠷᠠᠭ᠎ᠠ ᠴᠢᠰᠦᠨ ᠤ ᠰᠢᠬᠢᠷ ᠬᠡᠳᠦ ᠲᠦᠷᠭᠡᠨ ᠲᠡᠭᠡᠭᠰᠢᠯᠡᠬᠦ ᠶᠢ ᠬᠤᠷᠢᠬᠯᠠᠵᠦ᠂ ᠦᠷ᠎ᠡ ᠠᠰᠢᠬ ᠨᠢ ᠴᠢᠨᠠᠬᠰᠢᠯᠠᠪᠠᠯ ᠦᠳᠡ ᠶᠢᠨ ᠬᠤᠭᠤᠯᠠᠨ ᠤ ᠳᠠᠷᠠᠭ᠎ᠠ ᠬᠦᠷᠳᠡᠯ᠎ᠡ ᠦᠷᠬᠦᠯᠵᠢᠯᠡᠨ᠎ᠡ᠃ ᠰᠤᠳᠤᠯᠭᠠᠳᠠᠳ 29 ᠰᠤᠷᠤᠬᠴᠢ ᠶᠢ ᠪᠤᠷᠴᠠᠬ ᠤᠨ ᠵᠤᠲᠠᠡᠭ ᠤᠨ ᠲᠤᠭᠤᠶᠢᠯᠠᠡᠭ ᠪᠠ ᠨᠠ ᠳ᠋ᠧᠦ ᠪᠤᠷᠴᠠᠬ ᠤᠨ ᠳᠤᠭᠤᠶᠢᠯᠠᠡᠭ ᠭᠡᠵᠦ ᠬᠤᠶᠠᠷ ᠳᠤᠭᠤᠶᠢᠯᠠᠡᠭ ᠬᠤᠪᠢᠶᠠᠨ᠂ ᠨᠢᠭᠡᠳᠦᠭᠡᠷ ᠭᠠᠷᠠᠬ ᠲᠦ ᠬᠤᠶᠠᠷ ᠳᠤᠭᠤᠶᠢᠯᠠᠡᠭ ᠤᠨ ᠬᠢᠨ ᠢᠶᠡᠷ ᠦᠷᠯᠦᠭᠡ ᠪᠠ ᠦᠳᠡ ᠶᠢᠨ ᠡᠡᠭ ᠤᠨ ᠬᠤᠭᠤᠯᠠ ᠢᠳᠡᠭᠦᠯᠪᠡ᠃ ᠬᠤᠶᠠᠳᠤᠭᠠᠷ ᠭᠠᠷᠠᠬ ᠲᠤᠨᠢ ᠦᠷᠯᠦᠭᠡ ᠶᠢᠨ ᠬᠤᠭᠤᠯᠠ ᠨᠢ ᠬᠤᠪᠢᠷᠠᠯᠲᠠ ᠦᠭᠡᠢ ᠪᠠᠶᠢᠳᠠᠯ ᠳᠤᠤᠷ᠎ᠠ ᠲᠤᠰ ᠲᠤᠰ 400 ᠭᠷᠠᠮ ᠪᠤᠷᠴᠠᠬ ᠤᠨ ᠵᠤᠲᠠᠡᠭ ᠤᠤᠭᠤᠯᠭᠠᠨ 90 ᠭᠷᠠᠮ ᠨᠠ ᠳ᠋ᠧᠦ ᠪᠤᠷᠴᠠᠬ ᠢᠳᠡᠭᠦᠯᠦᠨ᠂ ᠦᠳᠡ ᠶᠢᠨ ᠬᠤᠭᠤᠯᠠ ᠨᠢ ᠬᠤᠪᠢᠷᠠᠯᠲᠠ ᠦᠭᠡᠢ᠃ ᠲᠡᠭᠡᠭᠡᠳ ᠬᠤᠭᠤᠯᠠᠨ ᠤ ᠳᠠᠷᠠᠭ᠎ᠠ ᠴᠢᠰᠦᠨ ᠤ ᠰᠢᠬᠢᠷ ᠢ ᠨᠢ ᠬᠤᠭᠤᠴᠠᠭ᠎ᠠ ᠲᠠᠢ ᠬᠡᠮᠵᠢᠭᠰᠡᠨ ᠳ᠋ᠦ ᠦᠷᠯᠦᠭᠡ ᠶᠢᠨ ᠬᠤᠭᠤᠯᠠᠨ ᠤ ᠳᠠᠷᠠᠭ᠎ᠠ ᠴᠢᠰᠦᠨ ᠤ ᠰᠢᠬᠢᠷ ᠬᠡᠳᠦ ᠲᠦᠷᠭᠡᠨ ᠲᠡᠭᠡᠭᠰᠢᠯᠡᠬᠦ ᠶᠢ ᠬᠤᠷᠢᠬᠯᠠᠵᠦ᠂ ᠡᠶᠢᠮᠦᠷᠬᠦ ᠪᠠᠶᠢᠳᠠᠯ ᠢᠶᠡᠨ 3-4 ᠴᠠᠬ ᠡᠴᠡ ᠲᠡᠭᠡᠭᠰᠢ ᠪᠠᠳᠤᠯᠠᠳᠠᠬ ᠢ ᠤᠯᠵᠦ ᠮᠡᠳᠡᠪᠡ᠃ ᠰᠤᠳᠤᠯᠭᠠᠳᠠᠳ ᠤᠨ ᠦᠵᠡᠬᠦ ᠪᠡᠷ᠂ ᠪᠤᠷᠴᠠᠬ ᠤᠨ ᠵᠦᠢᠯᠡᠰ ᠲᠦ ᠪᠤᠷᠴᠠᠬ ᠤᠨ ᠳᠤᠤᠷ᠎ᠠ ᠰᠢᠬᠢᠷ ᠤᠨ ᠴᠤᠬᠯᠠᠷᠠᠯ ᠠᠭᠤᠯᠤᠬᠳᠠᠨ᠂ ᠲᠡᠷᠡ ᠨᠢ ᠨᠤᠶᠢᠷ ᠤᠨ ᠠᠷᠠᠯ ᠤᠨ ᠡᠳ᠋ ᠤᠨ ᠬᠡᠪ ᠤᠨ ᠱᠦᠭᠦᠷᠡᠯ ᠢ ᠪᠠᠲᠤᠯᠠᠨ᠂ ᠴᠢᠰᠦᠨ ᠤ ᠰᠢᠬᠢᠷ ᠲᠡᠭᠡᠭᠰᠢᠯᠡᠬᠦ ᠶᠢ ᠬᠤᠷᠢᠬᠯᠠᠳᠠᠬ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ