ᠢᠮᠠᠭᠠᠨ ᠮᠢᠬ᠎ᠠ ᠪᠤᠯ ᠠᠮᠳᠠᠯᠢᠬ᠂ ᠰᠡᠷᠢᠭᠦᠨ ᠴᠢᠨᠠᠷᠲᠠᠢ᠃ ᠢᠮᠠᠭᠠᠨ ᠮᠢᠬ᠎ᠠ ᠭᠤᠤᠯᠳᠠᠭᠤ ᠬᠦᠴᠦᠵᠢᠭᠦᠯᠦᠨ ᠲᠠᠮᠢᠷᠵᠢᠭᠤᠯᠬᠤ ᠦᠢᠯᠡᠳᠦᠯ ᠲᠠᠢ᠃ ᠢᠮᠠᠭᠠᠨ ᠮᠢᠬ᠎ᠠ ᠶᠢ ᠰᠢᠨ᠎ᠡ ᠲᠡᠭᠡᠷ᠎ᠡ ᠨᠢ ᠲᠠᠪᠤᠰᠤ ᠬᠢᠬᠦ ᠦᠭᠡᠢ ᠪᠡᠷ ᠪᠠᠭ᠎ᠠ ᠪᠠᠭ᠎ᠠ ᠴᠢᠨᠠᠵᠦ ᠢᠳᠡᠬᠦ ᠪᠤᠶᠤ ᠬᠠᠳᠠᠭᠠᠠᠭᠠᠳ ᠢᠳᠡᠪᠡᠯ ᠬᠠᠯᠠᠭᠤᠨ ᠢ ᠲᠠᠷᠤᠳᠠᠬ ᠶᠤᠮ᠃

 ᠢᠮᠠᠭᠠᠨ ᠤ ᠵᠢᠷᠦᠬᠡ ᠪᠤᠯ ᠲᠡᠭᠰᠢ ᠴᠢᠨᠠᠷᠲᠠᠢ᠂ ᠭᠤᠤᠯᠳᠠᠭᠤ ᠵᠢᠷᠦᠬᠡᠨ ᠲᠠᠮᠢᠷ ᠢ ᠰᠠᠶᠢᠵᠢᠷᠠᠭᠤᠯᠵᠦ᠂ ᠬᠤᠷᠤᠬᠠᠢ ᠶᠢ ᠠᠯᠠᠨ᠎ᠠ᠃

ᠢᠮᠠᠭᠠᠨ ᠤ ᠡᠯᠢᠭᠡ ᠪᠤᠯ ᠰᠡᠷᠢᠭᠦᠨ ᠴᠢᠨᠠᠷᠲᠠᠢ᠂ ᠭᠤᠤᠯᠳᠠᠭᠤ ᠡᠯᠢᠭᠡ ᠶᠢ ᠲᠦᠯᠵᠢᠭᠦᠯᠵᠦ᠂ ᠨᠢᠳᠦᠨ ᠤ ᠡᠪᠡᠳᠴᠢᠨ ᠪᠤᠯᠤᠨ ᠬᠤᠷᠤᠬᠠᠢ ᠶᠢᠨ ᠡᠪᠡᠳᠴᠢᠨ ᠢ ᠵᠠᠰᠠᠨ᠎ᠠ᠃

 ᠢᠮᠠᠭᠠᠨ ᠤ ᠴᠢᠰᠦ ᠪᠤᠯ ᠰᠡᠷᠢᠭᠦᠨ ᠴᠢᠨᠠᠷᠲᠠᠢ᠂ ᠭᠤᠤᠯᠳᠠᠭᠤ ᠬᠦᠷᠦᠯᠴᠡᠭᠦᠨ ᠤ ᠬᠤᠤᠷ᠎ᠠ᠂ ᠬᠠᠷ᠎ᠠ ᠪᠤᠳᠤ᠂ ᠲᠠᠮᠪᠤᠤ ᠶᠠᠷ᠎ᠠ᠂ ᠪᠤᠷᠤ ᠡᠪᠡᠳᠴᠢᠨ᠂ ᠰᠢᠷᠬ᠎ᠠ ᠶᠢ ᠵᠠᠰᠠᠵᠦ ᠰᠢᠷ᠎ᠠ ᠤᠰᠤ ᠶᠢ ᠬᠠᠳᠠᠭᠠᠬᠤ ᠮᠦᠷᠳᠡᠬᠡᠨ ᠬᠤᠤᠷ᠎ᠠ ᠲᠠᠶᠢᠯᠵᠦ᠂ ᠴᠢᠰᠦ ᠵᠤᠬᠰᠤᠭᠠᠨ᠎ᠠ᠃

ᠢᠮᠠᠭᠠᠨ ᠤ ᠦᠭᠡᠬᠦ ᠪᠤᠯ ᠰᠡᠷᠢᠭᠦᠨ ᠴᠢᠨᠠᠷᠲᠠᠢ᠂ ᠭᠤᠤᠯᠳᠠᠭᠤ ᠬᠤᠷᠤᠬᠠᠢ ᠠᠯᠠᠵᠦ᠂ ᠲᠠᠮᠪᠤᠤ ᠬᠤᠤᠷ᠎ᠠ ᠶᠢ ᠲᠠᠶᠢᠯᠵᠦ᠂ ᠶᠠᠷ᠎ᠠ ᠰᠢᠷᠬ᠎ᠠ ᠶᠢ ᠵᠠᠰᠠᠨ᠎ᠠ᠃

 ᠢᠮᠠᠭᠠᠨ ᠤ ᠡᠪᠡᠷ ᠲᠦ ᠪᠠᠳᠬᠠᠨ ᠪᠠ ᠬᠢᠵᠢᠭ ᠤᠨ ᠬᠠᠯᠠᠭᠤᠨ ᠢ ᠠᠷᠢᠯᠭᠠᠵᠦ᠂ ᠬᠠᠳᠬᠤᠯᠭ᠎ᠠ ᠶᠢ ᠳᠠᠷᠤᠨ᠎ᠠ᠃

 ᠢᠮᠠᠭᠠᠨ ᠤ ᠰᠦᠰᠦ ᠪᠤᠯ ᠬᠦᠢᠳᠡᠨ ᠴᠢᠨᠠᠷᠲᠠᠢ᠂ ᠭᠤᠤᠯᠳᠠᠭᠤ ᠡᠯᠢᠭᠡ ᠰᠦᠰᠦᠨ ᠤ ᠬᠠᠯᠠᠭᠤᠨ ᠢ ᠠᠷᠢᠯᠭᠠᠵᠦ᠂ ᠨᠢᠶᠠᠨ ᠰᠢᠷᠠᠯᠠᠯ᠂ ᠬᠠᠪᠤᠳᠠᠷ᠂ ᠰᠢᠷᠬ᠎ᠠ᠂ ᠰᠢᠭᠡᠰᠦ ᠤᠯᠠᠶᠢᠬᠤ᠂ ᠬᠤᠷᠭᠤᠰᠤ ᠬᠠᠳᠠᠬᠤ ᠶᠢ ᠵᠠᠰᠠᠬᠤ ᠪᠦᠭᠡᠳ ᠪᠠᠰᠠ ᠨᠢᠳᠦᠨ ᠬᠠᠷᠠᠭ᠎ᠠ ᠪᠤᠯᠤᠨ ᠨᠢᠳᠦᠨ ᠡᠴᠡ ᠨᠢᠯᠪᠤᠰᠤ ᠭᠤᠭᠤᠵᠢᠬᠤ ᠶᠢ ᠵᠠᠰᠠᠨ᠎ᠠ᠃ ᠢᠮᠠᠭᠠᠨ ᠤ ᠰᠦᠰᠦᠨ ᠳ᠋ᠦ ᠪᠠᠯ ᠬᠤᠯᠢᠵᠦ ᠰᠠᠯᠬᠢ ᠨᠡᠪᠲᠡᠷᠡᠬᠦ ᠰᠡᠭᠦᠳᠡᠷ ᠭᠠᠵᠠᠷ ᠲᠦ ᠡᠯᠭᠦᠵᠦ ᠬᠠᠳᠠᠭᠠᠪᠠᠯ ᠰᠦᠰᠦᠨ ᠤᠭᠤᠳᠠᠨ ᠤ ᠭᠠᠳᠠᠭᠤᠷ ᠬᠢᠷᠠᠭᠤ ᠰᠢᠬ ᠡᠳ᠋ ᠲᠤᠬᠳᠠᠳᠠᠬ᠃ ᠲᠡᠭᠦᠨ ᠢ ᠠᠪᠴᠦ ᠡᠯᠳᠡᠪ ᠰᠢᠯᠳᠠᠭᠠᠨ ᠢᠶᠡᠷ ᠡᠪᠡᠳᠴᠢᠯᠡᠭᠰᠡᠨ ᠨᠢᠳᠦᠨ ᠳ᠋ᠦ ᠳᠤᠰᠤᠭᠠᠪᠠᠯ ᠮᠠᠰᠢ ᠲᠤᠰᠠᠲᠠᠢ ᠪᠠᠶᠢᠳᠠᠬ᠃ ᠤᠴᠢᠷ ᠨᠢ ᠢᠮᠠᠭ᠎ᠠ ᠪᠤᠯ ᠤᠯᠠᠨ ᠲᠦᠷᠦᠯ ᠤᠨ ᠡᠪᠡᠰᠦ ᠢᠳᠡᠳᠡᠭ ᠪᠤᠯᠬᠤᠷ ᠨᠢᠳᠦᠨ ᠡᠪᠡᠳᠴᠢᠨ ᠳ᠋ᠦ ᠮᠠᠰᠢ ᠭᠠᠶᠢᠬᠠᠮᠰᠢᠬᠲᠦ ᠦᠢᠯᠡᠳᠦᠯ ᠲᠠᠢ ᠶᠤᠮ᠃

 ᠢᠮᠠᠭᠠᠨ ᠤ ᠭᠠᠳᠠᠷ ᠪᠦᠭᠡᠷ᠎ᠡ ᠨᠢ ᠪᠦᠯᠢᠶᠡᠨ ᠴᠢᠨᠠᠷᠲᠠᠢ᠂ ᠭᠤᠤᠯᠳᠠᠭᠤ ᠪᠦᠭᠡᠷ᠎ᠡ ᠶᠢᠨ ᠲᠠᠮᠢᠷ ᠢ ᠰᠠᠶᠢᠵᠢᠷᠠᠭᠤᠯᠤᠨ ᠲᠤᠰᠤ ᠢ ᠨᠦᠬᠦᠵᠦ᠂ ᠪᠡᠯᠭᠡᠰ ᠰᠤᠯᠠᠷᠠᠬᠤ ᠪᠠ ᠬᠦᠯ ᠨᠢᠷᠤᠭᠤ ᠡᠪᠡᠳᠬᠦ ᠶᠢ ᠵᠠᠰᠠᠬᠤ ᠳ᠋ᠦ ᠲᠤᠰᠠᠲᠠᠢ᠃ ᠠᠡᠭᠬᠠᠷᠬᠤ ᠵᠦᠢᠯ ᠭᠡᠪᠡᠯ᠂ ᠢᠮᠠᠭ᠎ᠠ ᠪᠤᠯ ᠡᠯᠳᠡᠪ ᠵᠦᠢᠯ ᠤᠨ ᠡᠪᠡᠰᠦ ᠶᠢ ᠢᠳᠡᠳᠡᠭ ᠲᠤᠯᠠ ᠲᠡᠭᠦᠨ ᠤ ᠮᠢᠬ᠎ᠠ ᠨᠢ ᠴᠦ ᠤᠨᠴᠠᠭᠠᠢ ᠪᠠᠶᠢᠳᠠᠬ᠃ ᠲᠡᠶᠢᠮᠦ ᠡᠴᠡ ᠢᠮᠠᠭᠠᠨ ᠤ ᠮᠢᠬ᠎ᠠ ᠶᠢ ᠰᠢᠨ᠎ᠡ ᠲᠡᠭᠡᠷ᠎ᠡ ᠨᠢ ᠠᠷᠬᠠᠬ ᠡᠪᠡᠳᠴᠢᠨ ᠲᠠᠢ ᠬᠦᠮᠦᠨ ᠢᠳᠡᠪᠡᠯ ᠬᠠᠭᠤᠴᠢᠨ ᠡᠪᠡᠳᠴᠢᠨ ᠨᠢ ᠳᠠᠬᠢᠬᠤ ᠪᠦᠭᠡᠳ ᠶᠠᠷ᠎ᠠ ᠰᠢᠷ᠎ᠠ ᠨᠢ ᠴᠦ ᠳᠠᠬᠢᠳᠠᠬ ᠶᠤᠮ᠃ ᠡᠭᠦᠨ ᠢ ᠠᠡᠭᠬᠠᠴᠦ ᠬᠢᠴᠢᠶᠡᠪᠡᠯ ᠵᠤᠬᠢᠨ᠎ᠠ᠃

 ᠶᠠᠡᠭᠭᠢᠷ ᠢᠮᠠᠭᠠᠨ ᠤ ᠮᠢᠬ᠎ᠠ ᠪᠤᠯ ᠶᠠᠮ᠎ᠠ ᠶᠢ ᠳᠠᠷᠤᠵᠦ ᠮᠢᠬ᠎ᠠ ᠶᠢ ᠲᠦᠯᠵᠢᠭᠦᠯᠬᠦ ᠦᠢᠯᠡᠳᠦᠯ ᠲᠠᠢ᠃ ᠶᠠᠡᠭᠭᠢᠷ ᠢᠮᠠᠭᠠᠨ ᠤ ᠬᠠᠳᠠᠭᠠᠬᠰᠠᠨ ᠴᠢᠰᠦ ᠨᠢ ᠶᠠᠷ᠎ᠠ ᠪᠦᠬᠦᠨ ᠢ ᠠᠨᠠᠭᠠᠬᠤ ᠳ᠋ᠦ ᠰᠠᠶᠢᠨ ᠪᠠᠶᠢᠳᠠᠬ᠃

 ᠢᠮᠠᠭᠠᠨ ᠤ ᠡᠯᠢᠭᠡᠨ ᠱᠦᠯᠦ ᠶᠢ ᠤᠤᠭᠤᠪᠠᠯ ᠡᠯᠢᠭᠡᠨ ᠤ ᠴᠢᠰᠦ ᠰᠢᠷ᠎ᠠ ᠶᠢᠨ ᠬᠠᠯᠠᠭᠤᠨ ᠢ ᠠᠨᠠᠭᠠᠵᠦ᠂ ᠡᠯᠢᠭᠡ ᠶᠢ ᠰᠠᠶᠢᠵᠢᠷᠠᠭᠤᠯᠤᠨ᠂ ᠡᠯᠢᠭᠡ ᠭᠡᠮᠳᠦᠭᠰᠡᠨ᠂ ᠡᠯᠢᠭᠡᠨ ᠤ ᠴᠢᠰᠦ ᠳᠤᠷᠤᠶᠢᠳᠠᠬᠰᠠᠨ᠂ ᠴᠢᠰᠦ ᠰᠢᠷ᠎ᠠ ᠶᠢᠨ ᠬᠠᠯᠠᠭᠤᠨ ᠢᠶᠡᠷ ᠨᠢᠳᠦ ᠤᠯᠠᠶᠢᠵᠦ ᠡᠪᠡᠳᠬᠦ ᠪᠠ ᠨᠢᠳᠦᠨ ᠤ ᠬᠠᠷᠠᠭ᠎ᠠ ᠪᠠᠯᠠᠷᠠᠬᠤ ᠶᠢ ᠵᠠᠰᠠᠳᠠᠬ ᠶᠤᠮ᠃

 ᠢᠮᠭᠠᠨ ᠤ ᠶᠠᠰᠤᠨ ᠱᠦᠯᠦ ᠶᠢ ᠤᠤᠭᠤᠪᠠᠯ ᠰᠢᠷᠬ᠎ᠠ ᠶᠢ ᠵᠠᠰᠠᠵᠦ᠂ ᠶᠠᠰᠤᠨ ᠤ ᠤ᠂ ᠰᠢᠷ᠎ᠠ ᠤᠰᠤᠨ ᠤ ᠡᠪᠡᠳᠴᠢᠨ ᠢ ᠠᠨᠠᠭᠠᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ