11.jpg

ᠰᠢᠨᠬᠤᠸᠠ ᠬᠤᠷᠢᠶ᠎ᠠ  ᠲᠤᠤᠺᠢᠤ᠋ ᠶᠢᠨ 11 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠭᠡ   11 ᠤ ᠡᠳᠦᠷ ᠪᠤᠯᠤᠬᠰᠠᠨ ᠤᠯᠠᠨ ᠤᠯᠤᠰ ᠤᠨ ᠤᠮᠪᠠᠯᠲᠠ ᠶᠢᠨ ᠬᠤᠯᠪᠤᠭᠠᠨ ᠤ ᠪᠤᠭᠤᠨᠢ ᠴᠤᠩᠬᠢᠶᠠᠯ ᠤᠨ ᠳᠡᠯᠡᠬᠡᠢ ᠶᠢᠨ ᠴᠤᠮᠤ ᠶᠢᠨ ᠲᠡᠮᠡᠴᠡᠭᠡᠨ ᠤ 100 ᠮᠸᠲ᠋ᠷ ᠤᠨ ᠠᠷᠤ ᠪᠡᠷ ᠰᠡᠯᠢᠬᠦ ᠶᠢᠨ ᠲᠡᠮᠡᠴᠡᠭᠡᠨ ᠳᠤ ᠳᠤᠮᠳᠠᠳᠤ ᠤᠯᠤᠰ ᠤᠨ ᠲᠠᠮᠢᠷᠴᠢᠨ ᠰᠢᠤᠢ ᠵᠢᠶᠠ ᠢᠤᠢ 48 ᠮᠢᠨᠦ᠋ᠲ 88 ᠰᠸᠺᠦ᠋ᠨ᠋ᠳ᠋ ᠤᠨ ᠠᠮᠵᠢᠯᠲᠠ ᠪᠡᠷ ᠪᠤᠭᠤᠨᠢ ᠴᠤᠩᠬᠢᠶᠠᠯ ᠤᠨ ᠲᠡᠮᠡᠴᠡᠭᠡᠨ ᠳᠡᠬᠢ ᠳᠡᠯᠡᠬᠡᠢ ᠶᠢᠨ ᠳᠡᠮᠳᠡᠭᠯᠡᠯ ᠢ ᠰᠢᠨᠡᠳᠬᠡᠵᠡᠢ᠃ ᠡᠨᠡ ᠨᠢ ᠮᠦᠨ ᠲᠡᠭᠦᠨ ᠤ ᠲᠤᠰ ᠤᠳᠠᠭ᠎ᠠ ᠶᠢᠨ ᠲᠡᠮᠡᠴᠡᠭᠡᠨ ᠳᠤ ᠦᠷᠢᠰᠦᠯᠳᠦᠭᠡᠳ ᠤᠯᠤᠬᠰᠠᠨ ᠭᠤᠷᠪᠠᠳᠠᠬᠢ ᠠᠯᠲᠠ ᠪᠠᠶᠢᠭ᠎ᠠ᠃

ᠦᠩᠭᠡᠷᠡᠭᠰᠡᠨ ᠭᠠᠷᠠᠭ ᠪᠡᠭᠡᠵᠢᠩ ᠳᠤ ᠵᠤᠬᠢᠶᠠᠨ ᠪᠠᠶᠢᠭᠤᠯᠤᠬᠳᠠᠬᠰᠠᠨ ᠲᠡᠮᠡᠴᠡᠭᠡᠨ ᠤ ᠦᠶ᠎ᠡ ᠪᠡᠷ ᠰᠢᠤᠢ ᠵᠢᠶᠠ ᠢᠤᠢ 200 ᠮᠸᠲ᠋ᠷ ᠪᠤᠯᠤᠨ 50 ᠮᠸᠲ᠋ᠷ ᠤᠨ ᠠᠷᠤ ᠪᠡᠷ ᠰᠡᠯᠢᠬᠦ ᠲᠡᠮᠡᠴᠡᠭᠡᠨ ᠳᠤ ᠦᠷᠢᠰᠦᠯᠳᠦᠭᠡᠳ ᠪᠦᠷ ᠠᠯᠲᠠ ᠠᠪᠴᠤ᠂ ᠭᠠᠬᠴᠠ 100 ᠮᠸᠲ᠋ᠷ ᠤᠨ ᠦᠷᠢᠰᠦᠯᠳᠦᠭᠡᠨ ᠳᠤ ᠤᠷᠤᠯᠴᠠᠬᠰᠠᠨ ᠦᠭᠡᠢ ᠪᠠᠶᠢᠵᠦ ᠪᠢᠯᠡ᠃ ᠲᠡᠶᠢᠨᠬᠦ ᠡᠨᠡ ᠤᠳᠠᠭ᠎ᠠ ᠲᠤᠤᠺᠢᠤ᠋ ᠳᠤ ᠦᠷᠢᠰᠦᠯᠳᠦᠭᠦ ᠳᠡᠭᠡᠨ 200 ᠮᠸᠲ᠋ᠷ᠂ 50 ᠮᠸᠲ᠋ᠷ ᠤᠨ ᠠᠷᠤ ᠪᠡᠷ ᠰᠡᠯᠢᠬᠦ ᠳᠤ ᠲᠡᠷᠢᠭᠦᠯᠡᠭᠰᠡᠨ ᠲᠡᠳᠦᠢ ᠦᠭᠡᠢ ᠨᠡᠩ ᠴᠤ 100 ᠮᠸᠲ᠋ᠷ ᠤᠨ ᠠᠷᠤ ᠪᠡᠷ ᠰᠡᠯᠢᠬᠦ ᠳᠤ 48 ᠮᠢᠨᠦ᠋ᠲ 88 ᠰᠸᠺᠦ᠋ᠨ᠋ᠳ᠋ ᠤᠨ ᠠᠮᠵᠢᠯᠲᠠ ᠭᠠᠷᠭᠠᠵᠦ ᠳᠡᠯᠡᠬᠡᠢ ᠶᠢᠨ ᠳᠡᠮᠳᠡᠭᠯᠡᠯ ᠢ ᠰᠢᠨᠡᠳᠬᠡᠭᠰᠡᠨ ᠪᠠᠶᠢᠨ᠎ᠠ᠃


ᠢᠷᠡᠯᠳᠡ : 

ᠰᠢᠨᠬᠤᠸᠠ ᠰᠦᠯᠵᠢᠶ᠎ᠡ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ