1.jpg 

ᠨᠤᠭᠤᠭ᠎ᠠ ᠢᠳᠡᠭᠦ ᠦᠬᠡᠢ ᠪᠤᠯ ᠡᠪᠡᠳᠴᠢᠨ ᠤᠯᠤᠨ᠎ᠠ      

ᠢᠳᠡᠭᠡᠨ ᠤᠮᠳᠠᠭᠠᠨ ᠤ ᠵᠦᠭᠯᠡᠭᠦᠷ ᠲᠤ᠂ ᠡᠳᠦᠷ ᠪᠤᠯᠭᠠᠨ 300 — 500 ᠭᠷᠡᠮ ᠢᠳᠡᠰᠢᠨ ᠨᠤᠭᠤᠭ᠎ᠠ ᠢᠳᠡᠵᠦ᠂ᠡᠭᠦᠨ ᠤ ᠬᠠᠭᠠᠰ ᠨᠢ ᠭᠦᠨ ᠦᠩᠭᠡᠳᠡᠢ ᠢᠳᠡᠰᠢᠨ ᠨᠤᠭᠤᠭ᠎ᠠ ᠪᠠᠶᠢᠬᠤ ᠶᠤᠰᠤᠳᠠᠢ ᠭᠡᠰᠡᠨ ᠵᠦᠪᠯᠡᠯᠭᠡ ᠦᠭᠭᠦᠭᠰᠡᠨ ᠪᠠᠶᠢᠨ᠎ᠠ᠃      

《ᠠᠮᠢ ᠨᠠᠰᠤᠨ ᠤ ᠴᠠᠭ ᠰᠤᠨᠢᠨ》  ᠤ ᠬᠢᠨ ᠵᠤᠬᠢᠶᠠᠨ ᠪᠠᠶᠢᠭᠤᠯᠤᠭᠰᠠᠨ ᠢᠳᠡᠰᠢᠨ ᠨᠤᠭᠤᠭ᠎ᠠ ᠢᠳᠡᠵᠦ ᠪᠠᠶᠢᠭ᠎ᠠ ᠪᠠᠶᠢᠳᠠᠯ ᠤᠨᠳᠤᠬᠠᠢ ᠪᠠᠶᠢᠴᠠᠭᠠᠯᠳᠠ ᠠᠴᠠ ᠦᠵᠡᠪᠡᠯ᠂ ᠮᠠᠨ ᠤ ᠤᠯᠤᠰ ᠤᠨ ᠤᠯᠠᠩᠭᠢ ᠳᠤᠭᠠᠨ ᠤ ᠬᠦᠮᠦᠨ ᠪᠦᠷ ᠡᠳᠦᠷ ᠪᠤᠯᠭᠠᠨ ᠢᠳᠡᠰᠢᠨᠨᠤᠭᠤᠭ᠎ᠠ ᠢᠳᠡᠵᠤ ᠪᠠᠶᠢᠭ᠎ᠠ ᠪᠤᠯᠪᠠᠴᠤ ᠶᠢᠰᠦᠨ ᠬᠤᠪᠢ ᠶᠢᠨ ᠬᠦᠮᠦᠨ ᠤ ᠢᠳᠡᠭᠰᠡᠨ ᠢᠳᠡᠰᠢᠨ ᠨᠤᠭᠤᠭ᠎ᠠ ᠶᠢᠨ ᠳᠦᠷᠦᠯ ᠨᠢ 5ᠵᠦᠢᠯ ᠠᠴᠠ ᠳᠤᠤᠷ᠎ᠠ ᠪᠠᠶᠢᠵᠤ᠂ ᠨᠢᠭᠡ ᠯᠡ ᠵᠦᠢᠯ ᠤᠨ ᠨᠤᠭᠤᠭ᠎ᠠ ᠢᠳᠡᠳᠡᠭ ᠬᠦᠮᠦᠨ ᠴᠤ ᠤᠯᠠᠨ ᠪᠠᠶᠢᠭ᠎ᠠ ᠠᠵᠢ᠃    ᠤᠯᠠᠩᠭᠢ ᠳᠤᠰᠬᠠᠢ ᠮᠡᠷᠭᠡᠵᠢᠯᠳᠡᠨ ᠪᠦᠷ ᠳᠤᠮᠳᠠᠳᠤ ᠤᠯᠤᠰ ᠤᠨ ᠬᠦᠮᠦᠨ ᠤ ᠢᠳᠡᠰᠢᠨ ᠨᠤᠭᠤᠭ᠎ᠠ ᠢᠳᠡᠬᠦ ᠬᠡᠮᠵᠢᠶ᠎ᠠ ᠪᠠᠭ᠎ᠠᠪᠠᠶᠢᠨ᠎ᠠ ᠭᠡᠵᠦ ᠦᠵᠡᠵᠡᠭᠡᠵᠦ ᠪᠠᠶᠢᠨ᠎ᠠ᠃ ᠢᠳᠡᠭᠡᠨ ᠤᠮᠳᠠᠭᠠᠨ ᠤ ᠵᠦᠭᠯᠡᠭᠦᠷ ᠲᠤ ᠪᠠᠰᠠ ᠢᠳᠡᠰᠢᠨ ᠨᠤᠭᠤᠭ᠎ᠠ ᠵᠢᠮᠢᠰ ᠳᠡᠮᠡᠢ ᠢᠳᠡᠬᠦ ᠦᠭᠡᠢ ᠪᠠᠶᠢᠬᠤ ᠪᠤᠯ ᠳᠡᠯᠡᠬᠡᠢ ᠶᠢᠨ ᠤᠯᠤᠰ ᠤᠨ ᠰᠠᠭᠤᠭᠠᠯᠢ ᠠᠷᠠᠳ ᠤᠨ ᠦᠭᠦᠯ ᠤᠨ ᠳᠦᠷᠦᠭᠦᠦ ᠠᠷᠪᠠ ᠳᠤ ᠤᠷᠤᠬᠤ ᠠᠶᠤᠯᠳᠠᠢ ᠡᠯᠧᠮᠧᠨ᠋ᠲ ᠤᠨ ᠨᠢᠭᠡ ᠪᠤᠯᠤᠨ᠎ᠠ ᠭᠡᠵᠦ ᠵᠢᠭᠠᠭᠰᠠᠨ ᠪᠠᠶᠢᠨ᠎ᠠ᠃      

ᠳᠡᠭᠡᠪᠡᠯ ᠢᠳᠡᠰᠢᠨ ᠨᠤᠭᠤᠭ᠎ᠠ ᠪᠠᠭ᠎ᠠ ᠢᠳᠡᠬᠦ ᠨᠢ ᠴᠤᠬᠤᠮ ᠶᠠᠮᠠᠷ ᠦᠷ᠎ᠡ ᠳ᠋ᠦᠩ ᠢ ᠠᠪᠴᠢᠷᠠᠳᠠᠭ ᠪᠤᠯ︖      

ᠰᠢᠮ᠎ᠡ ᠳᠡᠵᠢᠭᠡᠯ ᠳᠤᠳᠠᠭᠳᠠᠨ᠎ᠠ

ᠢᠳᠡᠰᠢᠨ ᠨᠤᠭᠤᠭ᠎ᠠ ᠳᠤ ᠸᠢᠲ᠋ᠠᠮᠢᠨ᠂ ᠤᠷᠭᠠᠨᠢᠬ ᠪᠤᠰᠤ ᠳᠠᠪᠤᠰᠤ᠂ ᠢᠳᠡᠭᠡᠨ ᠤ ᠰᠢᠷᠭᠡᠭᠯᠢᠭ ᠵᠡᠷᠭᠡ ᠡᠯᠪᠡᠭ ᠠᠭᠤᠯᠤᠭᠳᠠᠳᠠᠭ᠂ᠬᠡᠷᠪᠡ ᠢᠳᠡᠰᠢᠨ ᠨᠤᠭᠤᠭ᠎ᠠ ᠢᠳᠡᠬᠦ ᠦᠭᠡᠢ ᠪᠤᠶᠤ ᠬᠦᠷᠦᠯᠴᠡᠭᠦ᠋ᠢᠴᠡ ᠬᠡᠮᠵᠢᠶ᠎ᠠ ᠪᠠᠷ ᠢᠳᠡᠬᠦ ᠦᠭᠡᠢ ᠪᠤᠯ ᠪᠡᠶ᠎ᠡ ᠶᠢᠨ ᠵᠠᠷᠤᠴᠠᠭᠤᠯᠤᠭᠰᠠᠨᠸᠢᠲ᠋ᠠᠮᠢᠨ ᠢ ᠴᠠᠭ ᠳᠤᠬᠠᠢ ᠳᠤᠨᠢ ᠨᠦᠬᠦᠵᠦ ᠳᠡᠶᠢᠯᠬᠦ ᠦᠭᠡᠢ᠃      

ᠡᠪᠡᠳᠴᠢᠨ ᠤᠯᠤᠨ᠎ᠠ      

ᠢᠳᠡᠰᠢᠨ ᠨᠤᠭᠤᠭ᠎ᠠ ᠨᠢ ᠬᠦᠮᠦᠨ ᠤ ᠭᠡᠳᠡᠰᠦᠨ ᠤ ᠬᠡᠪ ᠤᠨ ᠴᠢᠳᠠᠪᠬᠢ ᠶᠢ ᠪᠠᠳᠤᠯᠠᠬᠤ ᠳᠤ ᠴᠢᠬᠤᠯᠠ ᠦᠢᠯᠡᠳᠦᠯ ᠦᠵᠡᠭᠦᠯᠳᠡᠭ᠂ᠢᠳᠡᠰᠢᠨ ᠨᠤᠭᠤᠭ᠎ᠠ ᠳᠤ ᠠᠭᠤᠯᠤᠭᠳᠠᠳᠠᠭ ᠢᠳᠡᠭᠡᠨ ᠤ ᠰᠢᠷᠭᠡᠭᠯᠢᠭ ᠢ ᠬᠦᠷᠦᠯᠴᠡᠭᠦ᠋ᠢᠴᠡ ᠬᠡᠮᠵᠢᠶ᠎ᠡ ᠪᠠᠷ ᠰᠢᠩᠭᠡᠭᠡᠨ ᠠᠪᠴᠤ ᠳᠡᠶᠢᠯᠬᠦ ᠦᠭᠡᠢ ᠪᠤᠯ ᠠᠮᠠᠷᠬᠠᠨ ᠬᠤᠷᠭᠤᠰᠤᠯᠠᠬᠤ ᠪᠠᠶᠢᠳᠠᠯ ᠭᠠᠷᠳᠠᠭ ᠪᠦᠭᠡᠳ ᠤᠯᠠᠮ ᠴᠢᠨᠠᠬᠰᠢᠳᠠ ᠰᠢᠯᠤᠭᠤᠨ ᠭᠡᠳᠡᠰᠦᠨ ᠤ ᠦᠮᠡᠨ ᠡᠭᠦᠰᠭᠡᠬᠦᠠᠶᠤᠯ ᠲᠠᠢ ᠪᠠᠶᠢᠳᠠᠭ᠃ ᠬᠦᠷᠦᠯᠴᠡᠭᠦ᠋ᠢᠴᠡ ᠢᠳᠡᠰᠢᠨ ᠨᠤᠭᠤᠭ᠎ᠠ ᠢᠳᠡᠬᠦ ᠨᠢ ᠪᠠᠰᠠ ᠰᠠ ᠡᠪᠡᠳᠴᠢᠨ ᠪᠠ ᠳᠢᠳᠢᠮᠯᠢᠭ ᠵᠢᠷᠦᠭᠡᠨ ᠡᠪᠡᠳᠴᠢᠨ ᠡᠭᠦᠰᠬᠦ ᠠᠶᠤᠯ ᠢ ᠪᠠᠭᠠᠰᠬᠠᠳᠠᠭ᠂ ᠮᠦᠨ ᠴᠤ ᠵᠢᠷᠦᠭᠡ ᠴᠢᠰᠦᠨ ᠰᠤᠳᠠᠯ ᠤᠨ ᠡᠪᠡᠳᠴᠢᠨ ᠠᠴᠠ ᠪᠤᠯᠬᠤ ᠦᠬᠦᠯ ᠤᠨᠠᠶᠤᠯ ᠢ ᠪᠠᠭᠠᠰᠬᠠᠳᠠᠭ᠃

           

ᠢᠳᠡᠰᠢᠨ ᠨᠤᠭᠤᠭ᠎ᠠ ᠢᠯᠡᠭᠦᠦ ᠢᠳᠡᠬᠦ ᠳᠡᠮ   


ᠬᠡᠮᠵᠢᠶᠡᠨ ᠤ ᠳᠠᠯ᠎ᠠ ᠠᠴᠠ ᠶᠠᠷᠢᠪᠠᠯ᠂ 100 ᠭᠷᠡᠮ ᠳᠦᠭᠦᠬᠡᠢ ᠢᠳᠡᠰᠢᠨ ᠨᠤᠭᠤᠭ᠎ᠠ ᠶᠢ ᠪᠤᠯᠭᠤᠭᠰᠠᠨ ᠳᠠᠷᠠᠭ᠎ᠠ ᠶᠡᠭᠡ ᠪᠠᠭ᠎ᠠ ᠨᠢ ᠪᠠᠷᠤᠭ ᠨᠢᠭᠡ ᠳᠤᠤᠷ ᠪᠦᠮᠪᠦᠭᠡ ᠶᠢᠨ ᠬᠢᠷᠢ ᠪᠤᠯᠳᠠᠭ᠂ ᠳᠡᠶᠢᠮᠦ ᠠᠴᠠ ᠡᠳᠦᠷ ᠲᠤ 5 ᠳᠤᠤᠷ ᠪᠦᠮᠪᠦᠭᠡ ᠶᠢᠨ ᠬᠢᠷᠢ ᠢᠳᠡᠰᠢᠨ ᠨᠤᠭᠤᠭ᠎ᠠᠢᠳᠡᠬᠦ ᠳᠤ ᠯᠡ 500 ᠭᠷᠡᠮ ᠳᠦᠭᠦᠬᠡᠢ ᠢᠳᠡᠰᠢᠨ ᠨᠤᠭᠤᠭ᠎ᠠ ᠢᠳᠡᠭᠰᠡᠨ ᠲᠠᠢ ᠳᠡᠩᠴᠡᠨ᠎ᠠ᠃      

1.ᠡᠷᠡᠨ ᠪᠤᠯᠭᠠᠨ ᠤ ᠬᠤᠭᠤᠯᠠᠨ ᠳᠤ ᠪᠦᠷ ᠢᠳᠡᠰᠢᠨ ᠨᠤᠭᠤᠭ᠎ᠠ ᠪᠠᠶᠢᠬᠤ᠂ ᠨᠢᠭᠡ ᠡᠷᠡᠨ ᠤ ᠬᠤᠭᠤᠯᠠᠨ ᠤ ᠬᠠᠭᠠᠰ ᠢ ᠨᠢ ᠢᠳᠡᠰᠢᠨ ᠨᠤᠭᠤᠭ᠎ᠠ ᠡᠵᠡᠯᠡᠵᠦ ᠪᠠᠶᠢᠬᠤ ᠶᠢ ᠪᠠᠳᠤᠯᠠᠨ᠎ᠠ᠃ ᠳᠡᠭᠡᠪᠡᠯ ᠰᠠᠶ᠋ᠢ 300 — 500 ᠭᠷᠡᠮ ᠤᠨ ᠬᠠᠷᠠᠯᠳᠠ ᠪᠠᠨᠪᠡᠶᠡᠯᠡᠭᠦᠯᠵᠦ ᠳᠡᠶᠢᠯᠦᠨ᠎ᠠ᠃      

ᠭᠤᠷᠪᠠᠨ ᠠᠮᠠ ᠪᠦᠯᠢ ᠶᠢᠨ ᠬᠢᠨ ᠡᠳᠦᠷ ᠲᠤ 1 — 1.5 ᠺᠢᠯᠦᠭᠷᠡᠮ ᠰᠢᠨ᠎ᠠ ᠰᠤᠷᠭᠤᠭ ᠢᠳᠡᠰᠢᠨ ᠨᠤᠭᠤᠭ᠎ᠠ ᠠᠪᠴᠤ ᠭᠤᠷᠪᠠᠨ ᠡᠷᠡᠨ ᠬᠤᠭᠤᠯᠠᠨ ᠳᠠᠭᠠᠨ ᠬᠤᠪᠢᠶᠠᠵᠤ ᠳᠤᠬᠢᠷᠠᠭᠤᠯᠤᠨ᠎ᠠ᠃ ᠦᠳᠡ ᠤᠷᠤᠢ ᠶᠢᠨ ᠬᠤᠭᠤᠯᠠᠨ ᠳᠠᠭᠠᠨ ᠢᠳᠡᠰᠢᠨ ᠨᠤᠭᠤᠭ᠎ᠠ ᠡᠯᠪᠡᠭ ᠨᠤᠭᠤᠭ᠎ᠠ ᠵᠠᠭᠤᠰᠢ ᠪᠡᠯᠡᠳᠭᠡᠨ᠎ᠠ᠂ ᠳᠦᠭᠦᠬᠡᠢ ᠪᠠᠷ ᠢᠳᠡᠵᠦ ᠪᠤᠯᠳᠠᠭ ᠢᠳᠡᠰᠢᠨ ᠨᠤᠭᠤᠭ᠎ᠠ ᠳᠦᠪᠡᠳ ᠬᠠᠰᠢ᠂ ᠦᠷᠭᠡᠰᠦᠳᠦᠬᠡᠮᠭᠡ᠂ ᠭᠡᠷ ᠤᠨ ᠢᠳᠡᠷ᠎ᠡ ᠵᠡᠷᠭᠡ ᠶᠢ ᠬᠤᠭᠤᠯᠠᠨ ᠡᠮᠦᠨ᠎ᠠ ᠬᠤᠶᠢᠨ᠎ᠠ ᠰᠤᠯᠠ ᠢᠳᠡᠭᠡᠨ ᠤ ᠤᠷᠤᠨ ᠳᠤ ᠢᠳᠡᠵᠦ ᠪᠤᠯᠤᠨ᠎ᠠ᠂ ᠳᠡᠭᠡᠪᠡᠯ ᠢᠳᠡᠰᠢᠨ ᠨᠤᠭᠤᠭ᠎ᠠ ᠶᠢᠨ ᠤᠤᠯ ᠦᠨᠦᠷ ᠠᠮᠳᠠ ᠶᠢ ᠬᠠᠳᠠᠭᠠᠯᠠᠵᠤ ᠳᠡᠶᠢᠯᠬᠦ ᠪᠠᠷ ᠪᠠᠷᠠᠬᠤ ᠦᠭᠡᠢ ᠰᠢᠮ᠎ᠡ ᠳᠡᠵᠢᠭᠡᠯ ᠢ ᠨᠢ ᠴᠤᠠᠯᠳᠠᠭᠳᠠᠭᠤᠯᠤᠯ ᠦᠭᠡᠢ ᠪᠠᠷ ᠰᠢᠩᠭᠡᠭᠡᠵᠦ ᠪᠤᠯᠤᠨ᠎ᠠ᠃    

2. ᠭᠠᠷ ᠤᠨ ᠦᠵᠦᠭᠦᠷ ᠳᠠᠯᠪᠢᠨ᠎ᠠ᠃     

ᠠᠮᠧᠷᠢᠺᠠ ᠶᠢᠨ ᠬᠢᠨ ᠤ ᠨᠢᠭᠡ ᠰᠤᠳᠤᠯᠭᠠᠨ ᠠᠴᠠ ᠦᠵᠡᠪᠡᠯ᠂ ᠬᠦᠷᠦᠭᠡᠭᠦᠷ ᠤᠨ ᠬᠠᠭᠠᠯᠭ᠎ᠠ ᠶᠢ ᠤᠩᠭᠤᠢᠢᠯᠭᠠᠬᠤ ᠲᠠᠢ ᠵᠡᠷᠭᠡ ᠨᠢᠳᠤᠨ ᠳᠤ ᠦᠷᠳᠦᠳᠡᠭ ᠳᠡᠷᠡ ᠢᠳᠡᠭᠡᠨ ᠤ ᠵᠦᠢᠯ ᠢ ᠰᠤᠩᠭᠤᠵᠤ ᠢᠳᠡᠬᠦ ᠳᠤᠬᠢᠶᠠᠯᠳᠤᠯ ᠨᠢ ᠬᠤᠶᠠᠷ ᠳᠠᠬᠢᠨ ᠢᠶᠠᠷ ᠦᠨᠳᠦᠷ ᠪᠠᠶᠢᠳᠠᠭᠪᠠᠶᠢᠨ᠎ᠠ᠂ ᠳᠡᠶᠢᠮᠦ ᠠᠴᠠ ᠢᠳᠡᠰᠢᠨ ᠨᠤᠭᠤᠭ᠎ᠠ ᠪᠠᠨ ᠨᠢᠳᠤᠨ ᠳᠤ ᠦᠵᠡᠭᠳᠡᠳᠡᠭ ᠭᠠᠷ ᠲᠤ ᠪᠠᠷᠢᠬᠳᠠᠳᠠᠭ ᠭᠠᠵᠠᠷ ᠳᠠᠯᠪᠢᠬᠤ ᠨᠢ ᠳᠤᠩ ᠴᠢᠬᠤᠯᠠ᠃ ᠢᠳᠡᠭᠡᠨ ᠤᠮᠳᠠᠭᠠᠨ ᠤ ᠵᠦᠭᠯᠡᠭᠦᠷ ᠲᠤ ᠴᠤ᠂ ᠳᠦᠬᠦᠭᠡᠢ ᠪᠠᠷ ᠢᠳᠡᠳᠡᠭ ᠢᠳᠡᠰᠢᠨ ᠨᠤᠭᠤᠭ᠎ᠠ ᠶᠢ ᠨᠢᠳᠤᠨ ᠳᠤ ᠦᠵᠡᠭᠳᠡᠳᠡᠭᠭᠠᠷ ᠲᠤ ᠪᠠᠷᠢᠬᠳᠠᠳᠠᠭ ᠭᠠᠵᠠᠷ ᠲᠤ ᠳᠠᠯᠪᠢᠬᠤ ᠵᠦᠪᠯᠡᠯᠭᠡ ᠦᠭᠭᠦᠭᠰᠡᠨ ᠪᠠᠶᠢᠨ᠎ᠠ᠃

3. ᠰᠢᠨ᠎ᠡ ᠰᠡᠪᠡᠭᠦᠨ ᠢᠳᠡᠬᠦ ᠠᠷᠭ᠎ᠠ ᠶᠢ ᠳᠤᠷᠰᠢᠵᠤ ᠪᠤᠯᠤᠨ᠎ᠠ᠃ ᠢᠳᠡᠰᠢᠨ ᠨᠤᠭᠤᠭ᠎ᠠ ᠶᠢ ᠬᠤᠭᠤᠯᠠᠨ ᠤ ᠪᠠᠨ ᠭᠤᠤᠯ ᠪᠠᠶᠢᠷᠢᠨ ᠳᠤ ᠳᠠᠯᠪᠢᠵᠤ᠂ ᠶᠠᠩᠵᠤ ᠶᠠᠩᠵᠤ ᠪᠠᠷ ᠢᠳᠡᠬᠦ ᠶᠢ ᠳᠤᠷᠰᠢᠵᠤ ᠦᠵᠡᠵᠦ ᠪᠤᠯᠤᠨ᠎ᠠ᠂ ᠠᠯᠠᠬᠯᠠᠭᠤᠯᠵᠤ ᠢᠳᠡᠬᠦ ᠳᠤᠷᠠᠳᠠᠢ ᠪᠠᠭᠰᠤᠷᠭ᠎ᠠ ᠬᠤᠯᠢᠴᠠ ᠬᠢᠵᠦ ᠢᠳᠡᠵᠦ ᠪᠤᠯᠤᠨ᠎ᠠ᠃ ᠭᠡᠷ ᠲᠡᠭᠡᠨ ᠢᠳᠡᠰᠢᠨᠨᠤᠭᠤᠭ᠎ᠠ ᠶᠢᠨ ᠰᠢᠭᠦᠰᠦ ᠰᠢᠬᠠᠵᠤ ᠤᠤᠭᠤᠵᠤ ᠪᠤᠯᠤᠨ᠎ᠠ᠂ ᠢᠳᠡᠰᠢᠨ ᠨᠤᠭᠤᠭ᠎ᠠ ᠶᠢᠨ ᠰᠢᠭᠦᠰᠦ ᠰᠢᠬᠠᠵᠤ ᠤᠤᠭᠤᠬᠤ ᠳᠠᠭᠠᠨᠰᠢᠭᠠᠷᠤᠭ ᠲᠠᠢ ᠨᠢ ᠴᠤᠭ ᠤᠤᠭᠤᠪᠠᠯ ᠰᠠᠶᠢᠨ᠃            


  1. ᠢᠳᠡᠰᠢᠨ ᠨᠤᠭᠤᠭ᠎ᠠ ᠰᠤᠩᠭᠤᠵᠤ ᠢᠳᠡᠬᠦ ᠵᠠᠷᠴᠢᠮ


  2. ᠰᠢᠨ᠎ᠠ ᠰᠤᠷᠭᠤᠭ ᠪᠠᠶᠢᠬᠤ ᠶᠢ ᠴᠢᠬᠤᠯᠠᠴᠢᠯᠠᠨ᠎ᠠᠰᠢᠨ᠎ᠠ ᠰᠤᠷᠭᠤᠭ ᠬᠤᠷᠢᠶᠠᠯᠳᠠ ᠶᠢᠨ ᠴᠠᠭ ᠲᠠᠭᠠᠨ ᠪᠠᠶᠢᠭ᠎ᠠ ᠢᠳᠡᠰᠢᠨ ᠨᠤᠭᠤᠭ᠎ᠠ ᠶᠢᠨ ᠦᠩᠭᠡ ᠨᠢ ᠰᠠᠶᠢᠬᠠᠨ᠂ ᠤᠰᠤᠨ ᠤ ᠠᠭᠤᠯᠤᠭᠳᠠᠴᠠ ᠨᠢ ᠡᠯᠪᠡᠭ᠂ ᠰᠢᠨ᠎ᠠ ᠳᠡᠵᠢᠭᠡᠯ ᠨᠢ ᠪᠦᠷᠢᠨ᠂ ᠦᠨᠦᠷ ᠠᠮᠳᠠ ᠰᠠᠶᠢᠳᠠᠢ ᠪᠠᠶᠢᠳᠠᠭ᠂ ᠬᠦᠮᠦᠨ ᠤ ᠪᠡᠶ᠎ᠡ ᠶᠢᠨ ᠡᠷᠡᠭᠦᠯᠮᠡᠨᠳᠦ ᠳᠤ ᠨᠡᠩ ᠠᠰᠢᠬᠳᠠᠢ ᠪᠠᠶᠢᠳᠠᠭ᠃

  3. ᠡᠳᠦᠷ ᠤᠨ ᠨᠤᠭᠤᠭ᠎ᠠ ᠪᠠᠨ ᠡᠳᠦᠷ ᠲᠡᠭᠡᠨ ᠠᠪᠴᠤ ᠤᠳᠠᠭᠠᠨ ᠬᠠᠳᠠᠭᠠᠯᠠᠬᠤ ᠦᠭᠡᠢ ᠪᠤᠯ ᠰᠠᠶᠢᠨ᠃ ᠤᠳᠠᠭᠠᠨ ᠬᠠᠳᠠᠭᠠᠯᠠᠪᠠᠯᠤᠰᠤ᠂ ᠰᠢᠮ᠎ᠠ ᠳᠡᠵᠢᠭᠡᠯ ᠨᠢ ᠠᠯᠳᠠᠭᠳᠠᠵᠤ ᠠᠮᠳᠠ ᠨᠢ ᠴᠤ ᠰᠤᠯᠠᠷᠠᠨ᠎ᠠ᠃ ᠤᠳᠠᠭᠠᠨ ᠳᠠᠯᠪᠢᠭᠠᠳ ᠢᠯᠵᠢᠷᠡᠪᠡᠯ ᠪᠠᠰᠠ ᠳᠤᠳᠠᠭᠤᠠᠽᠤᠲ ᠬᠦᠴᠢᠯ ᠤᠨ ᠳᠠᠪᠤᠰᠤ ᠮᠡᠳᠦ ᠶᠢᠨ ᠦᠮᠡᠨ ᠡᠭᠦᠰᠭᠡᠭᠴᠢ ᠶᠢ ᠪᠤᠢ ᠪᠤᠯᠭᠠᠵᠤ ᠡᠷᠡᠭᠦᠯ ᠮᠡᠨᠳᠦ ᠶᠢ ᠬᠤᠬᠢᠷᠠᠭᠤᠯᠵᠤ ᠮᠡᠳᠡᠨ᠎ᠠ᠃ᠦᠩᠭᠡ ᠪᠠᠷ ᠨᠢ ᠰᠤᠩᠭᠤᠨ᠎ᠠ

  4. ᠢᠳᠡᠰᠢᠨ ᠨᠤᠭᠤᠭ᠎ᠠ ᠶᠢ ᠦᠩᠭᠡ ᠪᠠᠷ ᠨᠢ ᠭᠦᠨ ᠦᠩᠭᠡᠳᠡᠢ ᠭᠦᠶᠦᠭᠡᠨ ᠦᠩᠭᠡᠳᠡᠢ ᠭᠡᠵᠦ ᠬᠤᠪᠢᠶᠠᠵᠤ ᠪᠤᠯᠤᠨ᠎ᠠ᠃ ᠭᠦᠨᠦᠩᠭᠡᠳᠡᠢ ᠢᠳᠡᠰᠢᠨ ᠨᠤᠭᠤᠭ᠎ᠠ ᠭᠡᠳᠡᠭ ᠨᠢ ᠭᠦᠨ ᠨᠤᠭᠤᠭᠠᠨ ᠦᠩᠭᠡᠳᠡᠢ᠂ ᠤᠯᠠᠭᠠᠨ ᠦᠩᠭᠡᠳᠡᠢ᠂ ᠵᠦᠷᠵᠢ ᠶᠢᠨ ᠤᠯᠠᠭᠠᠨ ᠦᠩᠭᠡᠳᠡᠢ ᠪᠠ ᠬᠦᠷᠡᠩ ᠤᠯᠠᠭᠠᠨ ᠦᠩᠭᠡᠳᠡᠢ ᠢᠳᠡᠰᠢᠨ ᠨᠤᠭᠤᠭ᠎ᠠ ᠶᠢ ᠬᠡᠯᠡᠳᠡᠭ ᠪᠦᠭᠡᠳ ᠭᠦᠨ ᠦᠩᠭᠡᠳᠡᠢ ᠢᠳᠡᠰᠢᠨ ᠨᠤᠭᠤᠭ᠎ᠠ ᠳᠤ β-ᠬᠤᠯᠤᠤᠪᠠᠩ ᠤᠨ ᠡᠳ᠋ ᠡᠯᠪᠡᠭ ᠠᠭᠤᠯᠤᠭᠳᠠᠳᠠᠭ᠂ ᠳᠡᠷᠡ ᠨᠢ ᠸᠢᠲ᠋ᠠᠮᠢᠨ A ᠶᠢᠨ ᠭᠤᠤᠯ ᠢᠷᠡᠯᠳᠡ ᠪᠤᠯᠤᠨ᠎ᠠ᠂ ᠳᠡᠶᠢᠮᠦ ᠢᠯᠡᠭᠦᠦᠢᠳᠡᠬᠦ ᠶᠢ ᠠᠩᠬᠠᠷᠪᠠᠯ ᠵᠤᠬᠢᠨ᠎ᠠ᠃

  5. ᠤᠯᠠᠨ ᠲᠦᠷᠦᠯ ᠤᠨ ᠢᠳᠡᠰᠢᠨ ᠨᠤᠭᠤᠭ᠎ᠠ ᠶᠢ ᠰᠤᠯᠢᠵᠤ ᠬᠤᠯᠢᠵᠤ ᠢᠳᠡᠨ᠎ᠠ    ᠢᠳᠡᠰᠢᠨ ᠨᠤᠭᠤᠭ᠎ᠠ ᠰᠤᠩᠭᠤᠨ ᠠᠪᠬᠤ ᠳᠠᠭᠠᠨ ᠤᠯᠠᠨ ᠶᠠᠩᠵᠤ ᠶᠢ ᠬᠤᠪᠢᠷᠠᠭᠤᠯᠵᠤ ᠰᠤᠯᠢᠵᠤ᠂ ᠡᠳᠦᠷ ᠪᠤᠯᠭᠠᠨ 5 ᠠᠴᠠᠳᠡᠭᠡᠭᠰᠢ ᠳᠦᠷᠦᠯ ᠤᠨ ᠢᠳᠡᠰᠢᠨ ᠨᠤᠭᠤᠭ᠎ᠠ ᠢᠳᠡᠭᠰᠡᠨ ᠪᠠᠶᠢᠪᠠᠯ ᠰᠠᠶᠢᠨ᠃  ᠨᠠᠪᠴᠢᠳᠤ ᠨᠤᠭᠤᠭ᠎ᠠ᠂ ᠵᠠᠭᠠᠯᠮᠠᠢ ᠴᠡᠴᠡᠭᠳᠡᠨ ᠤ ᠢᠵᠠᠭᠤᠷ ᠤᠨ ᠢᠳᠡᠰᠢᠨ ᠨᠤᠭᠤᠭ᠎ᠠ ᠵᠢᠱᠢᠶᠡᠯᠡᠪᠡᠯ ᠰᠢᠯᠢᠮᠳᠡᠭ᠂ ᠨᠤᠭᠤᠭᠠᠨ ᠴᠡᠴᠡᠭᠳᠦ ᠨᠤᠭᠤᠭ᠎ᠠ᠂ ᠡᠯ᠎ᠠ ᠵᠦᠢᠯ ᠤᠨ ᠪᠦᠭᠡᠷᠡᠩᠬᠡᠢ ᠴᠠᠭᠠᠨ ᠨᠤᠭᠤᠭ᠎ᠠ ᠵᠡᠷᠭᠡ ᠨᠢ ᠪᠦᠷ ᠠᠰᠢᠬᠳᠤ ᠪᠤᠳᠠᠰ ᠡᠯᠪᠡᠭ ᠠᠭᠤᠯᠳᠠᠭ᠂ ᠢᠯᠡᠭᠦᠦ ᠰᠤᠩᠭᠤᠬᠤ ᠶᠢ ᠠᠩᠬᠠᠷᠪᠠᠯ ᠳᠡᠭᠡᠷ᠎ᠡ︔ ᠪᠤᠷᠴᠠᠭ ᠤᠨ ᠵᠦᠢᠯ ᠪᠤᠯ ᠬᠦᠮᠦᠰ ᠤᠨ ᠠᠷᠪᠢᠨ ᠢᠳᠡᠳᠡᠭ ᠨᠢᠭᠡ ᠲᠦᠷᠦᠯ ᠪᠤᠯᠤᠨ᠎ᠠ᠂ ᠪᠤᠷᠴᠠᠭ ᠤᠨ ᠵᠦᠢᠯ ᠳᠤ ᠠᠮᠢᠨᠣ᠋ ᠬᠦᠴᠢᠯ᠂ ᠡᠯ᠎ᠠᠵᠦᠢᠯ ᠤᠨ ᠡᠷᠦᠳᠡᠰᠦ ᠪᠠ ᠸᠢᠲ᠋ᠠᠮᠢᠨ ᠡᠯᠪᠡᠭ ᠠᠭᠤᠯᠳᠠᠭ︔ ᠮᠦᠬᠦ ᠵᠠᠮᠠᠭ ᠤᠨ ᠲᠦᠷᠦᠯ ᠤᠨ ᠢᠳᠡᠭᠡᠨ ᠵᠢᠱᠢᠶᠡᠯᠡᠪᠡᠯ ᠦᠨᠳᠡᠭᠡᠨ ᠮᠦᠬᠦ᠂ ᠬᠠᠪᠳᠠᠭᠠᠢ ᠮᠦᠬᠦ ᠵᠡᠷᠭᠡ ᠳᠤ ᠸᠢᠲ᠋ᠠᠮᠢᠨ B᠂ᠳᠡᠮᠦᠷ᠂ ᠰᠧᠯᠧᠨ᠂ ᠺᠠᠯᠢ ᠡᠯᠪᠡᠭ ᠠᠭᠤᠯᠳᠠᠭ᠃ ᠡᠯ᠎ᠠ ᠲᠦᠷᠦᠯ ᠤᠨ ᠢᠳᠡᠰᠢᠨ ᠨᠤᠭᠤᠭ᠎ᠠ ᠶᠢᠨ ᠤᠨᠴᠠᠯᠢᠬ ᠨᠢ ᠪᠦᠷ ᠠᠳᠠᠯᠢ ᠦᠭᠡᠢᠪᠠᠶᠢᠳᠠᠭ ᠪᠤᠯᠬᠤᠷ ᠤᠯᠠᠨ ᠳᠦᠷᠦᠯ ᠢ ᠬᠤᠯᠢᠵᠤ ᠰᠤᠯᠢᠵᠤ ᠢᠳᠡᠵᠦ ᠪᠠᠶᠢᠪᠠᠯ ᠰᠠᠶᠢᠨ᠃

  6. ᠠᠩᠬᠠᠷᠤᠭᠤᠯᠬᠤ ᠨᠢ᠂ ᠳᠦᠮᠦᠰᠦ᠂ ᠨᠠᠩᠭᠢ ᠴᠠᠭᠠᠨ᠂ ᠯᠠᠩᠭᠤᠸᠠ ᠵᠡᠷᠭᠡ ᠢᠳᠡᠰᠢᠨ ᠨᠤᠭᠤᠭ᠎ᠠ ᠳᠤ ᠢᠯᠴᠢ ᠠᠭᠤᠯᠤᠭᠳᠠᠳᠠᠭᠪᠤᠯᠬᠤᠷ᠂ ᠡᠳᠡᠭᠡᠷ ᠢᠶᠠᠷ ᠨᠤᠭᠤᠭ᠎ᠠ ᠵᠠᠭᠤᠰᠢ ᠬᠢᠪᠡᠯ ᠭᠤᠤᠯ ᠬᠤᠭᠤᠯᠠ ᠪᠠᠨ ᠪᠠᠭᠠᠰᠬᠠᠬᠤ ᠴᠢᠬᠤᠯᠠᠲᠠᠢ᠃

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ     

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ