1.jpg

ᠰᠢᠬᠢᠷ ᠨᠢ ᠭᠦᠮᠦᠨ ᠤ ᠪᠡᠶ᠎ᠡ ᠶᠢᠨ ᠶᠡᠭᠡ ᠳᠠᠷᠢᠬᠢᠨ ᠳᠤ ᠰᠡᠳᠡᠯᠳᠡ ᠦᠭᠴᠦ ᠬᠦᠭᠰᠡᠭᠦᠯᠳᠡᠭ ᠳ᠋ᠤᠫᠠ ᠠᠮᠢᠨ ᠵᠡᠷᠭᠡ ᠶᠢ ᠱᠦᠭᠦᠷᠡᠭᠦᠯᠬᠦ ᠶᠢ ᠠᠬᠢᠭᠤᠯᠳᠠᠭ᠃ ᠬᠦᠮᠦᠨ ᠤ ᠪᠡᠶ᠎ᠡ ᠨᠢ ᠰᠢᠬᠢᠷ ᠢ ᠳᠡᠰᠪᠦᠷᠢᠯᠡᠬᠦ ᠴᠢᠨᠠᠷᠳᠠᠢ ᠪᠤᠯᠳᠠᠭ ᠪᠤᠯᠬᠤᠷ ᠶᠠᠪᠤᠭᠠᠨ ᠳᠠᠭᠠᠨ ᠤᠯᠠᠮᠠᠷᠪᠢᠨ ᠰᠢᠬᠢᠷ ᠢᠳᠡᠬᠦ ᠶᠢᠨ ᠬᠦᠴᠦᠨ ᠳᠤ ᠬᠦᠭᠡᠷᠴᠦ ᠬᠦᠭᠰᠡᠬᠦ ᠳᠦᠷᠦᠭᠳᠡᠯ ᠢ ᠤᠯᠵᠤ ᠳᠡᠶᠢᠯᠬᠦ ᠪᠤᠯᠳᠠᠭ ᠪᠠᠶᠢᠨ᠎ᠠ᠃      

ᠠᠮᠧᠷᠢᠺᠠ ᠶᠢᠨ ᠨᠢᠣ᠋ ᠶᠤᠷᠺ ᠬᠤᠳᠠ ᠤ ᠶᠡᠭᠡ ᠰᠤᠷᠭᠠᠭᠤᠯᠢ ᠶᠢᠨ ᠰᠢᠮ᠎ᠠ ᠳᠡᠵᠢᠭᠡᠯ ᠤᠨ ᠤᠬᠠᠭᠠᠨ ᠤ ᠳᠡᠳ᠋ ᠫᠷᠦᠹᠧᠰᠰᠤᠷ ᠯᠤᠷᠠᠶᠢᠨᠧᠺᠤᠨᠧᠢ᠂ ᠶᠡᠬᠡᠩᠭᠢ ᠰᠢᠬᠢᠷ ᠨᠢ ᠬᠦᠮᠦᠨ ᠤ ᠪᠡᠶ᠎ᠡ ᠳᠤ ᠠᠰᠢᠬ ᠦᠭᠡᠢ ᠭᠡᠵᠦ ᠦᠵᠡᠭᠰᠡᠨ ᠪᠠᠶᠢᠨ᠎ᠠ᠃ ᠲᠡᠷᠡ ᠠᠮᠧᠷᠢᠺᠠᠴᠤᠳ ᠤᠨᠢᠳᠡᠭᠡᠨ ᠤᠮᠳᠠᠭᠠᠨ ᠤ ᠳᠠᠳᠬᠠᠯ ᠳᠤ ᠬᠠᠨᠳᠤᠭᠤᠯᠤᠨ 21 ᠡᠳᠦᠷ ᠤᠨ 《ᠰᠢᠬᠢᠷ ᠬᠠᠰᠤᠬᠤ》 ᠳᠦᠯᠦᠪᠯᠡᠭᠡ ᠶᠢ ᠳᠤᠭᠳᠠᠭᠠᠵᠤ᠂ᠰᠢᠬᠢᠷ ᠤᠨ ᠵᠢᠯᠪᠢ ᠲᠠᠢ ᠬᠦᠮᠦᠰ ᠢ ᠬᠠᠪᠰᠤᠷᠤᠨ ᠢᠳᠡᠭᠡᠨ ᠤᠮᠳᠠᠭᠠᠨ ᠤ ᠳᠠᠳᠬᠠᠯ ᠢ ᠰᠠᠶᠢᠵᠢᠷᠠᠭᠤᠯᠬᠤ ᠶᠢ ᠵᠤᠷᠢᠬᠰᠠᠨ ᠪᠠᠶᠢᠨ᠎ᠠ᠃   

21 ᠡᠳᠦᠷ ᠤᠨ 《ᠰᠢᠬᠢᠷ ᠬᠠᠰᠤᠬᠤ》  ᠳᠦᠯᠦᠪᠯᠡᠭᠡ 

ᠠᠩᠬᠠᠨ ᠤ ᠡᠳᠦᠷ ᠠᠴᠠ ᠪᠠᠨ ᠡᠭᠢᠯᠡᠨ᠂ ᠠᠯᠢᠪᠠ ᠨᠠᠷᠢᠯᠢᠬ ᠰᠢᠬᠢᠷ ᠬᠤᠯᠢᠬᠰᠠᠨ ᠢᠳᠡᠭᠡᠨ ᠢ ᠢᠳᠡᠬᠦ ᠦᠭᠡᠢ ᠬᠤᠳᠠᠯᠳᠤᠵᠤᠠᠪᠬᠤ ᠦᠭᠡᠢ ᠭᠡᠵᠦ ᠵᠤᠷᠢᠬ ᠰᠢᠭᠤᠳᠤᠨ᠎ᠠ᠂ ᠰᠢᠬᠢᠷ ᠲᠠᠢ ᠢᠳᠡᠭᠡᠨ ᠢᠳᠡᠬᠦ ᠦᠭᠡᠢ᠂ ᠬᠠᠷᠢᠨ ᠪᠠᠶᠢᠭᠠᠯᠢ ᠶᠢᠨ ᠰᠢᠬᠢᠷᠯᠢᠭ ᠠᠮᠳᠠ ᠲᠠᠢᠵᠢᠮᠢᠰ ᠢ ᠵᠤᠬᠢᠬᠤ ᠬᠡᠮᠵᠢᠶ᠎ᠠ ᠪᠠᠷ ᠢᠳᠡᠨ᠎ᠠ᠃

3 — 5 ᠡᠳᠦᠷ ᠤᠨ ᠰᠢᠬᠢᠷ ᠦᠭᠡᠢ ᠠᠮᠢᠳᠤᠷᠠᠯ ᠳᠤᠮᠳᠠ᠂ ᠰᠢᠬᠢᠷ ᠬᠠᠰᠤᠵᠤ ᠪᠠᠶᠢᠭ᠎ᠠ ᠬᠦᠮᠦᠨ ᠤ ᠪᠡᠶ᠎ᠡ ᠳᠤ ᠡᠪᠭᠦ᠋ᠢᠷᠡᠬᠦ᠂ᠶᠠᠳᠠᠷᠠᠬᠤ ᠪᠠᠶᠢᠳᠠᠯ ᠭᠠᠷᠴᠤ ᠮᠡᠳᠡᠨ᠎ᠠ᠂ ᠢᠢᠮᠦ ᠪᠠᠶᠢᠳᠠᠯ ᠳᠤ ᠰᠤᠯᠠ ᠠᠯᠬᠤᠬᠤ ᠵᠡᠷᠭᠡ ᠪᠠᠷ ᠹᠢᠽᠢᠦᠯᠤᠬᠢ ᠶᠢᠨ ᠪᠠᠶᠢᠳᠠᠯ ᠳᠠᠭᠠᠨᠳᠤᠬᠢᠷᠠᠭᠤᠯᠤᠯᠳᠠ ᠬᠢᠪᠡᠯ ᠵᠤᠬᠢᠨ᠎ᠠ᠃  

8 — 10 ᠳᠠᠬᠢ ᠡᠳᠦᠷ ᠲᠤ᠂ ᠬᠡᠯᠡᠨ ᠤ ᠠᠮᠳᠠᠯᠠᠬᠤ ᠴᠤᠮᠤᠷᠯᠢᠬ ᠲᠤ ᠬᠤᠪᠢᠷᠠᠯᠳᠠ ᠭᠠᠷᠴᠤ ᠡᠭᠢᠯᠡᠨ᠂ ᠰᠢᠬᠢᠷᠯᠢᠭ ᠠᠮᠳᠠ ᠶᠢ ᠳᠡᠭᠡᠳᠡᠯ᠎ᠠ ᠪᠠᠨ ᠬᠦᠰᠡᠬᠦ ᠪᠠᠨ ᠪᠤᠯᠢᠨ᠎ᠠ᠃  

15 — 21 ᠳᠠᠬᠢ ᠡᠳᠦᠷ ᠲᠤ᠂ ᠳᠠᠬᠢᠨᠳᠠ ᠰᠢᠬᠢᠷ ᠢᠳᠡᠬᠦ ᠳᠤᠷ᠎ᠠ ᠬᠦᠳᠡᠯᠪᠠᠯ᠂ ᠬᠦᠮᠦᠨ ᠤ ᠪᠡᠶ᠎ᠡ ᠨᠢ ᠴᠤᠬᠤᠮ ᠰᠢᠬᠢᠷᠨᠦᠬᠦᠬᠦ ᠴᠢᠬᠤᠯᠠᠳᠠᠢ ᠪᠠᠶᠢᠭ᠎ᠠ ᠶᠤᠮ ᠤᠤ᠂ ᠡᠰᠡᠭᠦᠯ᠎ᠠ ᠦᠯᠦᠰᠴᠦ ᠰᠢᠮ᠎ᠡ ᠳᠡᠵᠢᠭᠡᠯ ᠨᠦᠬᠦᠪᠦᠷᠢᠯᠡᠬᠦ ᠴᠢᠬᠤᠯᠠᠳᠠᠢ ᠪᠠᠶᠢᠭ᠎ᠠ ᠶᠤᠮ ᠤᠤᠭᠡᠳᠡᠭ ᠢ ᠢᠯᠭᠠᠵᠤ ᠳᠡᠶᠢᠯᠳᠡᠭ ᠪᠤᠯᠤᠨ᠎ᠠ᠃ 

21 ᠡᠳᠦᠷ ᠤᠨ ᠳᠠᠷᠠᠭ᠎ᠠ᠂ ᠰᠢᠬᠢᠷ ᠬᠠᠰᠤᠭᠰᠠᠨ ᠬᠦᠮᠦᠨ ᠳᠤᠩ ᠤᠶᠤᠨᠴᠢ ᠪᠠᠷ ᠰᠢᠬᠢᠷ ᠢᠳᠡᠬᠦ ᠬᠡᠮᠵᠢᠶ᠎ᠠ ᠪᠠᠨ ᠡᠵᠡᠮᠳᠡᠵᠦ᠂ᠪᠡᠶ᠎ᠡ ᠪᠠᠨ ᠳᠠᠭᠠᠭᠠᠵᠤ ᠡᠷᠡᠭᠦᠯ ᠮᠡᠨᠳᠦ ᠪᠠᠨ ᠬᠤᠬᠢᠷᠠᠭᠤᠯᠬᠤ ᠦᠭᠡᠢ ᠪᠠᠶᠢᠬᠤ ᠬᠡᠪᠴᠢᠶᠡᠨ ᠳᠤᠳᠤᠷ᠎ᠠ ᠰᠢᠬᠢᠷ ᠢᠳᠡᠳᠡᠭ ᠪᠤᠯᠵᠤᠳᠡᠶᠢᠯᠦᠨ᠎ᠠ᠃  

《ᠰᠢᠬᠢᠷ ᠤᠨ ᠵᠢᠯᠪᠢ》  ᠶᠢ ᠠᠷᠢᠯᠭᠠᠬᠤ ᠭᠡᠷᠡᠭᠳᠡᠢ ᠭᠡᠵᠦ ᠮᠠᠨ ᠤ ᠤᠯᠤᠰ ᠤᠨ ᠰᠢᠮ᠎ᠡ ᠳᠡᠵᠢᠭᠡᠯ ᠤᠨ ᠳᠤᠰᠬᠠᠢ ᠮᠡᠷᠭᠡᠵᠢᠯᠳᠡᠳᠴᠤ ᠰᠠᠨᠠᠯ ᠨᠢᠭᠡᠳᠡᠢ ᠪᠠᠶᠢᠨ᠎ᠠ᠃ ᠳᠡᠳᠡᠨ ᠤ ᠦᠵᠡᠬᠦ  ᠪᠠᠷ᠂ ᠳᠤᠤᠷᠠᠬᠢ ᠭᠡᠳᠦᠨ ᠳᠠᠯ᠎ᠠ ᠶᠢ ᠠᠩᠬᠠᠷᠬᠤ ᠨᠢ ᠰᠢᠬᠢᠷ ᠤᠨ ᠵᠢᠯᠪᠢ ᠠᠴᠠᠰᠠᠯᠬᠤ ᠳᠤ ᠳᠤᠰᠠ ᠪᠤᠯᠬᠤ ᠠᠵᠢ᠃ 

1.ᠰᠡᠳᠭᠢᠯ ᠤᠨ ᠬᠦᠳᠡᠯᠭᠡᠭᠡᠨ ᠢᠶᠠᠨ ᠬᠠᠮᠢᠶᠠᠷᠴᠤ ᠰᠤᠷᠤᠨ᠎ᠠ᠃ ᠠᠯᠢ ᠤᠯᠠᠨ ᠰᠤᠳᠤᠯᠭᠠᠨ ᠤ ᠳ᠋ᠦᠩ ᠠᠴᠠ ᠦᠵᠡᠪᠡᠯ᠂ᠬᠦᠮᠦᠨ ᠶᠡᠷᠦᠨᠢ ᠳᠠᠷᠤᠯᠳᠠ ᠶᠡᠭᠡ᠂ ᠰᠡᠳᠭᠢᠯ ᠰᠠᠨᠠᠭ᠎ᠠ ᠳᠤᠭᠳᠠᠪᠤᠷᠢ ᠦᠭᠡᠢ ᠦᠶ᠎ᠡ ᠳᠤ ᠰᠢᠬᠢᠷ ᠲᠤ ᠳᠤᠷᠠᠯᠠᠳᠠᠭ ᠪᠠᠶᠢᠨ᠎ᠠ᠃  2.ᠡᠳᠦᠷ ᠤᠨ ᠭᠤᠷᠪᠠᠨ ᠡᠷᠡᠨ ᠤ ᠬᠤᠭᠤᠯᠠ ᠪᠠᠨ ᠴᠠᠭ ᠲᠠᠭᠠᠨ ᠰᠠᠶᠢᠬᠠᠨ ᠢᠳᠡᠵᠦ᠂ ᠬᠡᠴᠡᠭᠦᠦ ᠦᠯᠦᠰᠬᠦ ᠠᠴᠠᠵᠠᠶᠢᠯᠠᠰᠬᠢᠨ᠎ᠠ᠃3.ᠤᠭᠤᠷᠠᠭ ᠢᠯᠡᠭᠦᠦ ᠢᠳᠡᠨ᠎ᠠ᠃ ᠵᠦᠪᠬᠡᠨ ᠪᠡᠶ᠎ᠡ ᠵᠢᠨ‌‍ᠰᠢᠮ᠎ᠠ ᠳᠡᠵᠢᠭᠡᠯ ᠤᠨ ᠪᠤᠳᠠᠰ ᠬᠠᠩᠭᠠᠯᠳᠠᠳᠠᠢ ᠦᠶ᠎ᠡ ᠳᠤ ᠰᠠᠶ᠋ᠢᠢᠯᠴᠢ ᠡᠨᠧᠷᠭᠢ ᠨᠦᠬᠦᠪᠦᠷᠢᠯᠡᠬᠦ ᠱᠠᠭᠠᠷᠳᠠᠯᠭ᠎ᠠ ᠭᠠᠷᠳᠠᠭ ᠦᠭᠡᠢ᠃ ᠦᠯᠦᠰᠦᠭᠡᠳ ᠳᠡᠰᠬᠦ ᠦᠭᠡᠢ ᠦᠶ᠎ᠡ ᠳᠠᠭᠠᠷᠠᠪᠠᠯ ᠳᠠᠬᠢᠶᠠᠨᠦᠨᠳᠡᠭᠡ ᠵᠡᠷᠭᠡ ᠰᠠᠶᠢᠨ ᠴᠢᠨᠠᠷ ᠤᠨ ᠤᠭᠤᠷᠠᠭ ᠡᠯᠪᠡᠭ ᠠᠭᠤᠯᠤᠭᠳᠠᠭᠰᠠᠨ ᠢᠳᠡᠭᠡᠨ ᠢᠳᠡᠪᠡᠯ᠂ ᠰᠢᠬᠢᠷᠯᠢᠭ ᠢᠳᠡᠭᠡᠨ ᠳᠤᠳᠤᠷᠠᠯᠠᠬᠤ ᠶᠢ ᠨᠠᠮᠳᠠᠭᠤᠯᠵᠤ ᠪᠤᠯᠤᠨ᠎ᠠ᠃


ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ