ᠬᠦᠯᠳᠡᠭᠡᠭᠦᠷ ᠪᠤᠯ ᠪᠢᠳᠡᠨ ᠤ ᠰᠠᠶᠢᠨ ᠮᠡᠳᠡᠳᠡᠭ ᠭᠡᠷ ᠤᠨ ᠡᠳ᠋ᠯᠡᠯ᠂ ᠤᠳᠤ ᠦᠶ᠎ᠡ ᠶᠢᠨ ᠭᠡᠷ ᠪᠦᠯᠢ ᠶᠢᠨ ᠠᠮᠢᠳᠤᠷᠠᠯ ᠳ᠋ᠦ ᠳᠤᠲᠠᠬᠳᠠᠵᠦ ᠪᠤᠯᠤᠰᠢ ᠦᠭᠡᠢ ᠴᠠᠬᠢᠯᠭᠠᠨ ᠬᠡᠷᠡᠭᠰᠡᠯ ᠤᠨ ᠨᠢᠭᠡ ᠮᠦᠨ᠃ ᠤᠯᠠᠡᠭᠬᠢ ᠬᠦᠮᠦᠨ ᠢᠳᠡᠭᠡᠨ ᠤᠮᠳᠠᠭᠠᠨ ᠢᠶᠡᠨ ᠬᠦᠯᠳᠡᠭᠡᠭᠦᠷ ᠲᠦ ᠬᠢᠵᠦ ᠰᠢᠨ᠎ᠡ ᠰᠤᠷᠭᠤᠬ ᠪᠠᠶᠢᠯᠭᠠᠬᠤ ᠶᠢ ᠬᠢᠴᠢᠶᠡᠳᠡᠭ᠂ ᠲᠡᠷᠡᠴᠢᠯᠡᠨ ᠢᠳᠡᠵᠦ ᠤᠤᠭᠤᠬᠤ ᠶᠠᠭᠤᠮ᠎ᠠ ᠯᠡ ᠪᠤᠯ ᠬᠦᠯᠳᠡᠭᠡᠭᠦᠷ ᠤᠷᠤᠭᠤ ᠪᠠᠨ ᠴᠢᠬᠢᠵᠦ ᠰᠠᠨᠠᠭ᠎ᠠ ᠠᠮᠠᠷᠠᠳᠠᠬ ᠬᠦᠮᠦᠨ ᠮᠤᠡᠭ ᠦᠭᠡᠢ᠃ ᠬᠡᠷᠡᠭ ᠲᠡᠭᠡᠷ᠎ᠡ ᠪᠡᠨ ᠬᠦᠯᠳᠡᠭᠡᠭᠦᠷ ᠨᠢ ᠰᠢᠨ᠎ᠡ ᠰᠤᠷᠭᠤᠬ ᠪᠠᠶᠢᠯᠭᠠᠬᠤ ᠬᠤᠷᠭᠤ ᠪᠢᠰᠢ ᠤᠴᠢᠷ ᠡᠴᠡ ᠪᠠᠺᠲ᠋ᠧᠷᠢ ᠶᠢ ᠪᠦᠷᠢᠮᠦᠰᠦᠨ ᠤᠰᠠᠳᠬᠠᠵᠦ ᠲᠡᠶᠢᠯᠳᠡᠭ ᠦᠭᠡᠢ ᠶᠤᠮ᠂ ᠢᠳᠡᠭᠡᠨ ᠢ ᠬᠦᠯᠳᠡᠭᠡᠭᠦᠷ ᠲᠦ ᠬᠢᠭᠰᠡᠨ ᠴᠦ ᠮᠦᠨ ᠯᠡ ᠴᠢᠨᠠᠷ ᠬᠤᠪᠢᠷᠠᠬᠤ ᠪᠤᠶᠤ ᠪᠠᠺᠲ᠋ᠧᠷᠢ ᠲᠦᠷᠦᠬᠦ ᠪᠤᠯᠤᠮᠵᠢ ᠲᠠᠢ ᠪᠠᠶᠢᠳᠠᠬ᠃

ᠦᠨᠡᠨ ᠳ᠋ᠡᠭᠡᠨ ᠡᠳᠦᠷ ᠳᠤᠲᠤᠮ ᠤᠨ ᠬᠡᠷᠡᠭᠯᠡᠳᠡᠭ ᠬᠦᠯᠳᠡᠭᠡᠭᠦᠷ ᠳᠤᠲᠤᠷ᠎ᠠ ᠪᠠᠺᠲ᠋ᠧᠷᠢ ᠦᠷᠡᠵᠢᠬᠦ ᠪᠠᠶᠢᠳᠠᠯ ᠮᠠᠰᠢ ᠬᠦᠨᠳᠦ ᠨᠤᠴᠢᠲᠠᠢ ᠤᠷᠤᠰᠢᠵᠦ ᠪᠠᠶᠢᠳᠠᠬ᠂ ᠬᠡᠷᠪᠡ ᠬᠦᠯᠳᠡᠭᠡᠭᠦᠷ ᠲᠦ ᠪᠠᠶᠢᠬᠰᠠᠨ ᠶᠠᠭᠤᠮ᠎ᠠ ᠶᠢ ᠰᠢᠭᠤᠳ ᠠᠪᠴᠦ ᠢᠳᠡᠬᠦ ᠳ᠋ᠦ ᠬᠦᠷᠪᠡᠯ ᠰᠠᠭᠤᠯᠭᠠᠬᠤ᠂ ᠪᠦᠭᠡᠯᠵᠢᠬᠦ᠂ ᠬᠠᠯᠠᠭᠤᠷᠠᠬᠤ ᠮᠡᠳᠦ ᠶᠢᠨ ᠬᠤᠤᠷᠳᠠᠯ ᠳ᠋ᠦ ᠠᠮᠠᠷᠬᠠᠨ ᠨᠡᠷᠪᠡᠭᠳᠡᠬᠦ ᠪᠤᠯᠤᠨ᠎ᠠ᠃

 ᠬᠦᠯᠳᠡᠭᠡᠭᠦᠷ ᠳᠤᠲᠤᠷᠠᠬᠢ ᠪᠠᠺᠲ᠋ᠧᠷᠢ ᠪᠤᠯᠤᠨ ᠬᠤᠤᠷᠲᠦ ᠡᠳ᠋ ᠪᠤᠯ ᠤᠯᠠᠨ ᠶᠠᠡᠭᠵᠦ ᠶᠢᠨ ᠪᠠᠶᠢᠳᠠᠬ᠂ ᠵᠢᠱᠢᠶᠡᠯᠡᠪᠡᠯ ᠰᠦᠨ ᠤ ᠵᠦᠢᠯ ︵ᠦᠨᠢᠶᠡᠨ ᠰᠦ᠂ ᠪᠢᠰᠢᠯᠠᠬ ᠵᠡᠷᠭᠡ︶᠂ ᠪᠡᠯᠡᠨ ᠪᠤᠳᠠᠭ᠎ᠠ᠂ ᠵᠢᠭᠠᠰᠦ᠂ ᠮᠢᠬ᠎ᠠ᠂ ᠦᠨᠳᠡᠭᠡ᠂ ᠨᠤᠭᠤᠭ᠎ᠠ ᠵᠢᠮᠢᠰ ᠵᠡᠷᠭᠡ ᠡᠴᠡ ᠴᠦᠮ ᠪᠠᠺᠲ᠋ᠧᠷᠢ ᠲᠦᠷᠦᠵᠦ᠂ ᠬᠤᠤᠷᠲᠦ ᠡᠳ᠋ ᠡᠭᠦᠰᠬᠦ ᠪᠤᠯᠤᠮᠵᠢ ᠲᠠᠢ ᠪᠠᠶᠢᠳᠠᠬ᠂ ᠬᠡᠷᠪᠡ ᠬᠦᠯᠳᠡᠭᠡᠭᠦᠷ ᠲᠡᠬᠢ ᠢᠳᠡᠭᠡᠨ ᠢᠶᠡᠨ ᠡᠷᠦᠢ ᠬᠤᠷᠤᠢ ᠦᠭᠡᠢ ᠲᠠᠯᠪᠢᠪᠠᠯ᠂ ᠢᠳᠡᠭᠡᠨ ᠤ ᠬᠠᠷᠢᠯᠴᠠᠨ ᠪᠤᠬᠢᠷᠳᠤᠭᠤᠯᠬᠤ ᠪᠤᠯᠤᠮᠵᠢ ᠶᠢ ᠶᠡᠬᠡᠪᠡᠷ ᠨᠡᠮᠡᠭᠳᠡᠭᠦᠯᠦᠨ᠂ ᠢᠳᠡᠭᠡᠨ ᠤ ᠬᠤᠤᠷᠳᠠᠯ ᠡᠭᠦᠰᠭᠡᠬᠦ ᠠᠶᠤᠯᠲᠠᠢ ᠪᠤᠯᠤᠨ᠎ᠠ᠃

ᠢᠯᠠᠡᠭᠭᠤᠶ᠎ᠠ ᠬᠦᠯᠳᠡᠭᠡᠭᠦᠷ ᠤᠨ ᠰᠡᠷᠢᠭᠦᠨ ᠲᠠᠰᠤᠯᠭ᠎ᠠ ᠶᠢ ᠳᠤᠤᠷ᠎ᠠ ᠳᠤᠯᠠᠭᠠᠨ ᠤ ᠪᠠᠺᠲ᠋ᠧᠷᠢ ᠦᠷᠡᠵᠢᠬᠦ ᠬᠦᠯᠡᠮᠵᠢ ᠭᠡᠵᠦ ᠬᠡᠯᠡᠵᠦ ᠪᠤᠯᠤᠨ᠎ᠠ᠂ ᠡᠶᠢᠮᠦᠷᠬᠦ ᠪᠠᠺᠲ᠋ᠧᠷᠢ ᠨᠢ 0-5᠂ ᠴᠢᠨᠠᠬᠰᠢᠯᠠᠪᠠᠯ ᠨᠡᠡᠭ ᠳᠤᠤᠷ᠎ᠠ ᠳᠤᠯᠠᠭᠠᠨ ᠳ᠋ᠦ ᠠᠮᠢᠳᠤᠷᠠᠵᠦ ᠲᠡᠶᠢᠯᠳᠡᠭ᠃ ᠡᠭᠦᠪᠡᠷ ᠪᠠᠷᠠᠬᠤ ᠦᠭᠡᠢ ᠰᠡᠷᠢᠭᠦᠨ ᠲᠠᠰᠤᠯᠭ᠎ᠠ ᠳ᠋ᠦ ᠬᠢᠭᠰᠡᠨ ᠲᠦᠭᠦᠬᠡᠢ ᠨᠤᠭᠤᠭ᠎ᠠ ᠵᠢᠮᠢᠰ ᠪᠤᠶᠤ ᠮᠢᠬᠠᠨ ᠤ ᠵᠦᠢᠯ᠂ ᠲᠠᠬᠢᠶᠠᠨ ᠦᠨᠳᠡᠭᠡ ᠮᠡᠳᠦ ᠶᠢᠨ ᠢᠳᠡᠭᠡᠨ ᠨᠢ ᠪᠠᠷᠤᠬ ᠪᠦᠷ ᠪᠠᠺᠲ᠋ᠧᠷᠢ ᠲᠠᠢ ᠪᠠᠶᠢᠳᠠᠬ᠂ ᠬᠦᠯᠳᠡᠭᠡᠭᠦᠷ ᠤᠨ ᠳᠤᠯᠠᠭᠠᠨ ᠤ ᠬᠡᠮᠵᠢᠶ᠎ᠡ ᠨᠢ ᠡᠳᠡᠭᠡᠷ ᠪᠠᠺᠲ᠋ᠧᠷᠢ ᠶᠢ ᠤᠰᠠᠳᠬᠠᠵᠦ ᠲᠡᠶᠢᠯᠬᠦ ᠦᠭᠡᠢ᠂ ᠵᠦᠪᠬᠡᠨ ᠦᠷᠡᠵᠢᠬᠦ ᠬᠤᠷᠳᠤᠴᠠ ᠶᠢ ᠨᠢ ᠬᠤᠷᠢᠬᠯᠠᠬᠤ ᠦᠢᠯᠡᠳᠦᠯ ᠦᠵᠡᠭᠦᠯᠳᠡᠭ᠃

 ᠡᠭᠦᠨ ᠡᠴᠡ ᠭᠠᠳᠠᠨ᠎ᠠ᠂ ᠬᠦᠯᠳᠡᠭᠡᠭᠦᠷ ᠲᠦ ᠪᠠᠰᠠ ᠬᠠᠭᠠᠯᠭᠠᠨ ᠪᠢᠳᠡᠭᠦᠮᠵᠢ᠂ ᠰᠢᠷᠭᠤᠭᠤᠯ ᠤᠨ ᠪᠤᠯᠤᠡᠭ ᠴᠤᠯᠤᠡᠭ ᠮᠡᠳᠦ ᠶᠢᠨ ᠠᠷᠢᠯᠭᠠᠵᠦ ᠴᠡᠪᠡᠷᠯᠡᠬᠦ ᠳ᠋ᠦ ᠪᠡᠷᠬᠡᠲᠡᠢ ᠭᠠᠵᠠᠷ ᠤᠯᠠᠨ᠂ ᠡᠳᠡᠭᠡᠷ ᠭᠠᠵᠠᠷ ᠲᠦ ᠨᠡᠡᠭ ᠴᠦ ᠲᠤᠭ᠎ᠠ ᠲᠤᠮᠰᠢ ᠦᠭᠡᠢ ᠤᠯᠠᠨ ᠪᠠᠺᠲ᠋ᠧᠷᠢ ᠨᠢᠭᠤᠬᠳᠠᠨ᠂ ᠬᠦᠯᠳᠡᠭᠡᠭᠦᠷ ᠳᠤᠲᠤᠷᠠᠬᠢ ᠢᠳᠡᠭᠡᠨ ᠢ ᠴᠠᠬ ᠦᠷᠬᠦᠯᠵᠢ ᠪᠤᠬᠢᠷᠳᠤᠭᠤᠯᠵᠦ ᠪᠠᠶᠢᠳᠠᠬ᠃

 

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ