ᠠᠭᠤᠷ ᠠᠮᠢᠰᠬᠤᠯ ᠰᠡᠷᠢᠭᠦᠨ ᠵᠢᠭᠡᠭᠦᠨ ᠨᠠᠮᠤᠷ ᠡᠪᠦᠯ ᠤᠨ ᠵᠠᠪᠰᠠᠷ ᠪᠡᠶ᠎ᠡ ᠰᠡᠳᠭᠢᠯ ᠳ᠋ᠦ ᠡᠯᠳᠡᠪ ᠵᠦᠢᠯ ᠤᠨ ᠲᠠᠭᠠᠯᠠᠮᠵᠢ ᠦᠭᠡᠢ ᠪᠠᠶᠢᠳᠠᠯ ᠢᠯᠡᠷᠡᠨ᠎ᠡ᠃ ᠵᠢᠱᠢᠶᠡᠯᠡᠪᠡᠯ ᠨᠠᠮᠤᠷ ᠤᠨ ᠬᠠᠭᠤᠷᠠᠢ ᠡᠪᠡᠳᠴᠢᠨ᠂ ᠨᠠᠮᠤᠷ ᠤᠨ ᠭᠤᠨᠢᠬ᠂ ᠨᠠᠮᠤᠷ ᠤᠨ ᠶᠠᠳᠠᠷᠠᠯ᠁ ᠡᠨᠡᠬᠦ ᠶᠠᠪᠤᠳᠠᠯ ᠤᠯᠠᠨᠲᠠᠢ ᠨᠠᠮᠤᠷ ᠢ ᠲᠠᠭᠠᠯᠠᠮᠵᠢᠲᠠᠢ ᠰᠠᠶᠢᠬᠠᠨ ᠦᠡᠭᠭᠡᠷᠡᠭᠦᠯᠬᠦ ᠭᠡᠪᠡᠯ ᠢᠳᠡᠵᠦ ᠤᠤᠭᠤᠬᠤ ᠲᠠᠯ᠎ᠠ ᠡᠴᠡ ᠡᠬᠢᠯᠡᠨ ᠬᠤᠪᠢᠷᠠᠯᠲᠠ ᠭᠠᠷᠭᠠᠪᠠᠯ ᠵᠤᠬᠢᠨ᠎ᠠ᠃

 ᠭᠦᠨ ᠦᠡᠭᠭᠡᠲᠡᠢ ᠢᠳᠡᠰᠢᠨ ᠨᠤᠭᠤᠭ᠎ᠠ ᠶᠢ ᠢᠯᠡᠭᠦᠦ ᠢᠳᠡᠪᠡᠯ ᠵᠤᠬᠢᠨ᠎ᠠ᠃ ᠵᠤᠨ ᠤ ᠴᠠᠬ ᠲᠦ ᠬᠠᠯᠠᠭᠤᠨ ᠢ ᠬᠦᠭᠡᠭᠡᠵᠦ ᠢᠯᠴᠢ ᠶᠢ ᠪᠠᠭᠤᠷᠠᠭᠤᠯᠬᠤ ᠶᠢᠨ ᠲᠦᠯᠦᠭᠡ ᠬᠦᠮᠦᠰ ᠶᠡᠷᠦᠨᠢ ᠭᠤᠧᠠ ᠶᠢᠨ ᠲᠦᠷᠦᠯ ᠵᠢᠮᠢᠰ ᠨᠤᠭᠤᠭ᠎ᠠ ᠪᠡᠷ ᠭᠤᠤᠯ ᠪᠤᠯᠭᠠᠳᠠᠬ᠃ ᠵᠢᠱᠢᠶᠡᠯᠡᠪᠡᠯ ᠦᠷᠭᠡᠰᠦᠲᠦ ᠬᠡᠮᠬᠡ᠂ ᠲᠠᠷᠪᠤᠰ᠂ ᠠᠮᠳᠠᠲᠦ ᠬᠡᠮᠬᠡ ᠵᠡᠷᠭᠡ᠂ ᠭᠡᠳᠡᠯ᠎ᠡ ᠡᠳᠡᠭᠡᠷ ᠵᠢᠮᠢᠰ ᠨᠤᠭᠤᠭ᠎ᠠ ᠳ᠋ᠡᠬᠢ ᠭᠧ ᠯᠤᠤᠪᠠᠡᠭ ᠤᠨ ᠡᠳ᠋ ᠤᠨ ᠠᠬᠤᠭᠤᠯᠤᠬᠳᠠᠴᠠ ᠨᠢ ᠨᠡᠯᠢᠶᠡᠳ ᠪᠠᠭ᠎ᠠ᠂ ᠸᠢᠲ᠋ᠠᠮᠢᠨ A ᠶᠢᠨ ᠠᠬᠤᠭᠤᠯᠤᠬᠳᠠᠴᠠ ᠪᠠᠭ᠎ᠠ᠂ ᠸᠢᠲ᠋ᠠᠮᠢᠨ A ᠨᠢ ᠬᠠᠯᠢᠰᠤᠨ ᠨᠡᠬᠡᠳᠡᠰᠦ ᠶᠢᠨ ᠪᠦᠷᠢᠯᠳᠦᠬᠦ ᠪᠠ ᠲᠡᠭᠦᠨ ᠢ ᠵᠠᠰᠠᠵᠦ ᠰᠡᠷᠭᠦᠭᠡᠬᠦ ᠳ᠋ᠦ ᠬᠡᠷᠡᠭᠴᠡᠭᠡ ᠲᠠᠢ ᠶᠤᠮ᠃ ᠸᠢᠲ᠋ᠠᠮᠢᠨ A ᠶᠡᠬᠡ ᠳᠤᠲᠠᠬᠳᠠᠪᠠᠯ ᠠᠷᠠᠰᠦ ᠮᠢᠬ᠎ᠠ ᠪᠤᠯᠤᠨ ᠰᠠᠯᠢᠰᠤᠲᠦ ᠪᠦᠷᠬᠦᠪᠴᠢ ᠶᠢᠨ ᠡᠰᠡᠷᠭᠦᠴᠡᠬᠦ ᠴᠢᠳᠠᠪᠤᠷᠢ ᠪᠠᠭᠤᠷᠠᠵᠦ᠂ ᠠᠷᠠᠰᠦ ᠮᠢᠬ᠎ᠠ ᠬᠠᠭᠤᠷᠠᠶᠢᠰᠢᠨ᠂ ᠦᠰᠦᠨ ᠤ ᠤᠭᠤᠳᠠ ᠭᠦᠳᠦᠢᠢᠵᠦ᠂ ᠴᠢᠨᠠᠬᠰᠢᠯᠠᠨ ᠨᠢᠳᠦ ᠬᠠᠳᠠᠡᠭᠬᠢᠷᠠᠨ᠎ᠠ᠃ ᠰᠢᠷ᠎ᠠ ᠦᠡᠭᠭᠡ ᠶᠢᠨ ᠢᠳᠡᠰᠢᠨ ᠨᠤᠭᠤᠭ᠎ᠠ ᠪᠤᠯᠤᠨ ᠨᠤᠭᠤᠭᠠᠨ ᠨᠠᠪᠴᠢᠲᠦ ᠨᠤᠭᠤᠭ᠎ᠠ ᠳ᠋ᠦ ᠭᠧ ᠯᠤᠤᠪᠠᠡᠭ ᠤᠨ ᠡᠳ᠋ ᠠᠷᠪᠢᠨ ᠠᠬᠤᠭᠤᠯᠤᠬᠳᠠᠵᠦ ᠪᠠᠶᠢᠳᠠᠬ᠃ 

 ᠬᠤᠳᠤᠭᠤᠳᠦ ᠶᠢ ᠲᠠᠮᠢᠷᠵᠢᠭᠤᠯᠬᠤ ᠳ᠋ᠦ ᠲᠤᠰᠠᠲᠠᠢ ᠢᠳᠡᠭᠡᠨ ᠢᠯᠡᠭᠦᠦ ᠢᠳᠡᠪᠡᠯ ᠵᠤᠬᠢᠨ᠎ᠠ᠃ ᠨᠠᠮᠤᠷ ᠤᠨ ᠤᠯᠠᠷᠢᠯ ᠳ᠋ᠦ ᠰᠢᠡᠭᠭᠡᠭᠡᠯᠲᠡ ᠶᠢᠨ ᠵᠠᠮ ᠤᠨ ᠡᠪᠡᠳᠴᠢᠨ ᠤᠯᠠᠨ ᠲᠡᠯᠭᠡᠷᠡᠳᠡᠭ᠂ ᠦᠭᠡᠬᠦ ᠲᠤᠰᠤ ᠲᠠᠢ ᠢᠳᠡᠭᠡᠨ ᠬᠡᠪᠡᠷᠡᠭ ᠪᠠᠭᠤᠷᠠᠢ ᠬᠤᠳᠤᠭᠤᠳᠦ ᠭᠡᠳᠡᠰᠦ ᠶᠢ ᠤᠯᠠᠮ ᠮᠠᠭᠤᠳᠠᠭᠤᠯᠤᠨ ᠡᠨᠡ ᠦᠶ ᠡ ᠳ᠋ᠦ ᠬᠤᠳᠤᠭᠤᠳᠦ ᠶᠢ ᠲᠠᠮᠢᠷᠵᠢᠭᠤᠯᠬᠤ ᠳ᠋ᠦ ᠲᠤᠰᠠᠲᠠᠢ ᠢᠳᠡᠭᠡᠨ᠂ ᠵᠢᠱᠢᠶᠡᠯᠡᠪᠡᠯ ᠯᠠᠡᠭᠭᠤᠧᠠ᠂ ᠪᠦᠭᠡᠷᠡᠡᠭᠬᠡᠢ ᠴᠠᠭᠠᠨ ᠨᠤᠭᠤᠭ᠎ᠠ᠂ ᠭᠠ᠂ ᠭᠠᠳᠢᠷ᠎ᠠ ᠵᠢᠮᠢᠰ ᠵᠡᠷᠭᠡ ᠶᠢ ᠢᠳᠡᠪᠡᠯ ᠵᠤᠬᠢᠨ᠎ᠠ᠃ ᠡᠭᠦᠨ ᠡᠴᠡ ᠭᠠᠳᠠᠨ᠎ᠠ᠂ ᠡᠭᠡᠳᠡᠭᠰᠡᠨ ᠰᠦ ᠵᠡᠷᠭᠡ ᠢᠰᠦᠭᠰᠡᠨ ᠢᠳᠡᠭᠡᠨ ᠤ ᠰᠢᠮ᠎ᠡ ᠲᠡᠵᠢᠭᠡᠯ ᠡᠯᠪᠡᠭ ᠪᠦᠭᠡᠳ ᠠᠮᠠᠷᠬᠠᠨ ᠰᠢᠡᠭᠭᠡᠭᠡᠭᠳᠡᠳᠡᠭ ᠡᠴᠡ ᠨᠠᠮᠤᠷ ᠢᠳᠡᠪᠡᠯ ᠲᠤᠬᠢᠷᠠᠮᠵᠢᠲᠠᠢ᠃

 ᠲᠦᠮᠦᠰᠦ ᠶᠢᠨ ᠲᠦᠷᠦᠯ ᠢᠶᠡᠷ ᠪᠤᠳᠠᠭ᠎ᠠ ᠭᠤᠯᠢᠷ ᠤᠷᠤᠯᠠᠭᠤᠯᠵᠦ ᠪᠤᠯᠤᠨ᠎ᠠ᠃ ᠨᠠᠮᠤᠷ ᠪᠤᠯ ᠲᠦᠮᠦᠰᠦ ᠶᠢᠨ ᠲᠦᠷᠦᠯ ᠠᠷᠪᠢᠨ ᠵᠠᠬ᠎ᠠ ᠳ᠋ᠦ ᠭᠠᠷᠳᠠᠬ ᠤᠯᠠᠷᠢᠯ ᠪᠤᠯᠤᠨ᠎ᠠ᠂ ᠲᠦᠮᠦᠰᠦ᠂ ᠠᠮᠳᠠᠳᠦ ᠲᠦᠮᠦᠰᠦ ᠵᠡᠷᠭᠡ ᠶᠢ ᠦᠷᠬᠦᠯᠵᠢ ᠢᠳᠡᠵᠦ᠂ ᠨᠠᠷᠢᠯᠢᠬ ᠪᠤᠳᠠᠭ᠎ᠠ ᠭᠤᠯᠢᠷ ᠢ ᠤᠷᠤᠯᠠᠭᠤᠯᠬᠤ ᠨᠢ ᠲᠤᠡᠭ ᠰᠠᠶᠢᠨ ᠰᠤᠡᠭᠭᠤᠯᠲᠠ ᠮᠦᠨ᠃ ᠲᠦᠮᠦᠰᠦ ᠶᠢᠨ ᠲᠦᠷᠦᠯ ᠳ᠋ᠦ᠂ B ᠲᠦᠷᠦᠯ ᠤᠨ ᠸᠢᠲ᠋ᠠᠮᠢᠨ  ᠪᠤᠯᠤᠨ ᠺᠠᠯᠢ᠂ ᠮᠠᠬᠨᠢ ᠵᠡᠷᠭᠡ ᠡᠷᠦᠳᠡᠰᠦ ᠠᠷᠪᠢᠨ ᠠᠬᠤᠭᠤᠯᠤᠬᠳᠠᠵᠦ ᠪᠠᠶᠢᠳᠠᠬ᠂ ᠡᠨᠡ ᠨᠢ ᠬᠦᠮᠦᠰ ᠤᠨ ᠨᠡᠡᠭ ᠠᠷᠪᠢᠨ ᠰᠢᠮ᠎ᠡ ᠲᠡᠵᠢᠭᠡᠯ ᠤᠯᠬᠤ ᠳ᠋ᠦ ᠲᠤᠰᠠᠲᠠᠢ ᠶᠤᠮ᠃ ᠨᠦᠬᠦᠭᠡ ᠲᠠᠯ᠎ᠠ ᠪᠡᠷ ᠡᠳᠡᠭᠡᠷ ᠢ ᠭᠤᠤᠯ ᠢᠳᠡᠭᠡᠨ ᠢᠶᠡᠷ ᠢᠳᠡᠪᠡᠯ ᠴᠢᠰᠦᠨ ᠳᠠᠷᠤᠯᠳᠠ ᠦᠨᠳᠦᠷ ᠵᠡᠷᠭᠡ ᠤᠵᠢᠬ ᠡᠪᠡᠳᠴᠢᠨ ᠢ ᠰᠡᠷᠬᠡᠶᠢᠯᠡᠬᠦ ᠳ᠋ᠦ ᠲᠤᠰᠠᠲᠠᠢ᠃

 ᠡᠳᠦᠷ ᠪᠦᠷᠢ ᠨᠢᠭᠡ ᠠᠳᠬᠤ ᠬᠠᠳᠠᠭᠤ ᠬᠠᠯᠢᠰᠤᠲᠦ ᠵᠢᠮᠢᠰ ᠢᠳᠡᠪᠡᠯ ᠰᠠᠶᠢᠨ᠃ ᠶᠡᠷᠦ ᠶᠢᠨ ᠦᠭᠡᠨ ᠳ᠋ᠦ︽ᠬᠠᠪᠤᠷ ᠲᠠᠭᠠᠨ ᠰᠤᠶᠤᠭ᠎ᠠ᠂ ᠵᠤᠨ ᠳ᠋ᠠᠭᠠᠨ ᠭᠤᠧᠠ᠂ ᠨᠠᠮᠤᠷ ᠲᠠᠭᠠᠨ ᠵᠢᠮᠢᠰ᠂ ᠡᠪᠦᠯ ᠳ᠋ᠡᠭᠡᠨ ᠦᠨᠳᠦᠰᠦ︾ᠢᠳᠡᠪᠡᠯ ᠰᠠᠶᠢᠨ ᠭᠡᠳᠡᠭ᠃ ᠨᠠᠮᠤᠷ ᠤᠨ ᠤᠯᠠᠷᠢᠯ ᠪᠤᠯ ᠯᠤᠬᠠᠱᠧᠡᠭ᠂ ᠬᠤᠰᠢᠭ᠎ᠠ᠂ ᠭᠦᠢᠯᠡᠰᠦᠨ ᠴᠦᠮ᠎ᠡ ᠵᠡᠷᠭᠡ ᠬᠠᠳᠠᠭᠤ ᠬᠠᠯᠢᠰᠤᠲᠦ ᠵᠢᠮᠢᠰ ᠢᠳᠡᠬᠦ ᠰᠠᠶᠢᠨ ᠴᠠᠬ ᠮᠦᠨ᠃ ᠦᠷᠬᠦᠯᠵᠢ ᠬᠠᠳᠠᠭᠤ ᠬᠠᠯᠢᠰᠤᠲᠦ ᠵᠢᠮᠢᠰ ᠢᠳᠡᠪᠡᠯ ᠵᠢᠷᠦᠬᠡᠨ ᠤ ᠡᠷᠡᠭᠦᠯ ᠪᠠᠶᠢᠬᠤ ᠳ᠋ᠦ ᠲᠤᠰᠠᠲᠠᠢ ᠪᠦᠭᠡᠳ ᠬᠠᠳᠠᠭᠤ ᠬᠠᠯᠢᠰᠤᠲᠦ ᠵᠢᠮᠢᠰ ᠨᠢ ᠪᠠᠰᠠ ᠸᠢᠲ᠋ᠠᠮᠢᠨ E ᠪᠤᠯᠤᠨ ᠤᠯᠠᠨ ᠵᠦᠢᠯ ᠤᠨ ᠪᠢᠴᠢᠯ ᠡᠯᠧᠮᠧᠨ᠋ᠲ ᠬᠠᠡᠭᠭᠠᠵᠦ ᠲᠡᠶᠢᠯᠦᠨ᠎ᠡ᠃ ᠨᠠᠮᠤᠷ ᠤᠨ ᠤᠯᠠᠷᠢᠯ ᠳ᠋ᠦ ᠠᠭᠤᠷ ᠠᠮᠢᠰᠬᠤᠯ ᠶᠠᠪᠤᠬᠤ ᠲᠤᠳᠤᠮ ᠬᠠᠭᠤᠷᠠᠶᠢᠰᠢᠬᠤ ᠲᠤᠯᠠ ᠬᠠᠭᠤᠷᠴᠦ ᠬᠠᠳᠠᠭᠠᠬᠰᠠᠨ ᠬᠠᠳᠠᠭᠤ ᠬᠠᠯᠢᠰᠤᠲᠦ ᠵᠢᠮᠢᠰ ᠢᠳᠡᠪᠡᠯ ᠬᠤᠭᠤᠯᠠᠢ ᠡᠪᠭᠦᠢᠢᠷᠡᠨ᠎ᠡ᠃ ᠡᠨᠡ ᠦᠶᠡᠰ ᠲᠦᠭᠦᠬᠡᠢ ᠪᠡᠷ ᠢᠳᠡᠬᠦ᠂ ᠠᠮᠳᠠ ᠤᠷᠤᠭᠤᠯᠵᠦ ᠴᠢᠳᠠᠬᠤ ᠪᠠ ᠰᠢᠷᠠᠬᠤ ᠵᠡᠷᠭᠡ ᠠᠷᠭ᠎ᠠ ᠶᠢ ᠠᠪᠴᠦ ᠪᠤᠯᠤᠨ᠎ᠠ᠃ ᠵᠢᠱᠢᠶᠡᠯᠡᠪᠡᠯ ᠨᠠᠷᠠᠨ ᠬᠤᠧᠠᠷ ᠤᠨ ᠦᠷ᠎ᠡ ᠵᠡᠷᠭᠡ ᠲᠦᠭᠦᠬᠡᠢ ᠪᠡᠷ ᠢᠳᠡᠵᠦ ᠪᠤᠯᠤᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ