1.jpg

ᠠᠮᠢᠳᠤᠷᠠᠯ ᠤᠨ ᠳᠠᠳᠬᠠᠯ ᠵᠤᠬᠢᠰ ᠦᠭᠡᠢ ᠪᠤᠯ ᠭᠡᠳᠡᠰᠦᠨ ᠳᠤᠳᠤᠷᠠᠬᠢ ᠤᠷᠴᠢᠨ ᠳᠤᠭᠤᠷᠢᠨ ᠢ ᠡᠪᠳᠡᠵᠦ᠂ ᠭᠡᠳᠡᠰᠦ ᠶᠢ ᠡᠷᠳᠡᠦᠳᠡᠯᠬᠦ ᠪᠠᠶᠢᠳᠠᠯ ᠳᠤ ᠤᠷᠤᠭᠤᠯᠳᠠᠭ᠃ ᠳᠤᠤᠷ᠎ᠠ ᠭᠡᠳᠡᠰᠦ ᠶᠢ ᠵᠠᠯᠠᠭᠤ ᠪᠠᠶᠢᠯᠭᠠᠵᠤ ᠪᠤᠯᠬᠤ 8 ᠳᠠᠳᠬᠠᠯ ᠢ ᠳᠠᠨᠢᠯᠴᠠᠭᠤᠯᠤᠶ᠎ᠠ᠃


ᠳᠤᠭᠳᠠᠭᠰᠠᠨ ᠬᠤᠭᠤᠴᠠᠭ᠎ᠠ ᠲᠠᠢ ᠭᠡᠳᠡᠰᠦ ᠪᠠᠨ ᠠᠮᠠᠷᠠᠭᠤᠯᠤᠨ᠎ᠠ   

ᠠᠷᠪᠠᠭᠠᠳ ᠡᠳᠦᠷ ᠤᠨ ᠳᠤᠰᠤᠮ ᠳᠤ ᠨᠢᠭᠡ ᠠᠮᠠᠷᠠᠯᠳᠠ ᠶᠢᠨ ᠡᠳᠦᠷ ᠢ ᠰᠤᠩᠭᠤᠵᠤ᠂ ᠢᠳᠡᠰᠢᠨ ᠨᠤᠭᠤᠭ᠎ᠠ ᠵᠢᠮᠢᠰ ᠭᠤᠤᠯᠳᠠᠢᠢᠳᠡᠵᠦ᠂ 7 — 8 ᠬᠤᠪᠢ ᠴᠠᠳᠬᠤ ᠶᠢ ᠪᠠᠷᠢᠮᠳᠠᠯᠠᠵᠤ ᠴᠢᠳᠠᠪᠠᠯ ᠭᠡᠳᠡᠰᠦ ᠪᠠᠨ ᠠᠮᠠᠷᠠᠭᠤᠯᠵᠤ᠂ ᠭᠡᠳᠡᠰᠦᠨ ᠳᠠᠬᠢ ᠢᠳᠡᠭᠡᠨ ᠤᠦᠯᠡᠳᠡᠭᠳᠡᠯ ᠢ ᠴᠡᠪᠡᠷᠯᠡᠵᠦ ᠠᠷᠢᠯᠭᠠᠬᠤ ᠰᠠᠶᠢᠨ ᠳᠠᠯ᠎ᠠ ᠲᠠᠢ ᠪᠠᠶᠢᠳᠠᠭ᠃   


ᠴᠠᠭ ᠲᠠᠢ ᠬᠤᠭᠤᠯᠠᠯᠠᠨ᠎ᠠ   

ᠭᠡᠳᠦᠢ ᠶᠠᠭᠠᠷᠠᠤ ᠪᠠᠶᠢᠬᠰᠠᠨ ᠴᠤ ᠴᠠᠭ ᠲᠠᠭᠠᠨ ᠬᠤᠭᠤᠯᠠᠯᠠᠬᠤ ᠭᠡᠷᠡᠭᠳᠡᠢ᠃ ᠬᠤᠭᠤᠯᠠᠨ ᠤ ᠳᠠᠷᠠᠭ᠎ᠠ ᠴᠤ ᠠᠪᠤᠨ ᠠᠵᠢᠯᠯᠠᠬᠤᠦᠭᠡᠢ᠂ ᠵᠤᠬᠢᠬᠤ ᠬᠦᠳᠡᠯᠭᠡᠭᠡᠨ ᠬᠢᠵᠤ᠂ 15 ᠮᠢᠨᠦ᠋ᠲ ᠠᠯᠬᠤᠬᠰᠠᠨ ᠴᠤ ᠶᠠᠭᠠᠬᠢᠬᠤ ᠪᠤᠢ᠃    

ᠤᠨᠳᠠᠬᠤ ᠠᠴᠠ ᠪᠠᠨ ᠡᠮᠦᠨ᠎ᠠ ᠶᠡᠭᠡ ᠢᠳᠡᠵᠦ ᠪᠤᠯᠬᠤ ᠦᠭᠡᠢ 

ᠰᠦᠨᠢ ᠤᠷᠤᠢ ᠶᠡᠭᠡ ᠦᠯᠦᠰᠪᠡᠯ᠂ ᠪᠠᠭ᠎ᠠ ᠰᠠᠭ᠎ᠠ ᠵᠢᠮᠢᠰ ᠢᠳᠡᠬᠦ ᠪᠤᠶᠤ ᠨᠢᠭᠡ ᠴᠤᠮᠤ ᠰᠦ ᠬᠠᠯᠠᠭᠠᠵᠤ ᠤᠤᠭᠤᠵᠤ ᠪᠤᠯᠤᠨ᠎ᠠ᠂ᠭᠡᠳᠦ ᠢᠳᠡᠵᠦ ᠭᠡᠳᠡᠰᠦᠨ ᠤ ᠳᠠᠷᠤᠭᠠᠰᠤ ᠶᠢ ᠬᠦᠨᠳᠦᠷᠡᠭᠦᠯᠵᠦ ᠪᠤᠯᠬᠤ ᠦᠭᠡᠢ᠃           


ᠬᠤᠭᠤᠯᠠ ᠭᠤᠯᠤᠬᠤ ᠦᠭᠡᠢ    

ᠵᠢᠭᠠᠰᠤ᠂ ᠮᠢᠬ᠎ᠠ᠂ ᠦᠨᠳᠡᠭᠡ᠂ ᠢᠳᠡᠰᠢᠨ ᠨᠤᠭᠤᠭ᠎ᠠ᠂ ᠵᠢᠮᠢᠰ ᠪᠦᠷᠢᠳᠦᠪᠡᠯ᠂ ᠳᠡᠩᠴᠡᠭᠦᠷᠢ ᠲᠠᠢ ᠰᠢᠮ᠎ᠠ ᠳᠡᠵᠢᠭᠡᠯ ᠢ ᠬᠦᠯᠢᠶᠡᠨᠠᠪᠴᠤ ᠪᠠᠶᠢᠬᠤ ᠪᠤᠯᠤᠨ᠎ᠠ᠃    


ᠰᠦᠨᠢᠵᠢᠨ ᠰᠠᠭᠤᠬᠤ ᠦᠭᠡᠢ    

ᠡᠷᠳᠡ ᠤᠨᠳᠠᠵᠤ ᠡᠷᠳᠡ ᠪᠤᠰᠬᠤ ᠳᠠᠳᠬᠠᠯ ᠢ ᠬᠦᠮᠦᠵᠢᠭᠦᠯᠵᠦ᠂ ᠤᠷᠤᠢ ᠳᠠᠭᠠᠨ 11 ᠴᠠᠭ ᠠᠴᠠ ᠡᠮᠦᠨ᠎ᠠ ᠤᠷᠤᠨ ᠳᠠᠭᠠᠨᠤᠷᠤᠵᠤ᠂ ᠪᠦᠳᠡᠬᠢ ᠭᠡᠷᠡᠯ ᠳᠤ ᠭᠠᠷ ᠤᠳᠠᠰᠤ ᠦᠵᠡᠬᠦ ᠦᠭᠡᠢ ᠪᠠᠶᠢᠪᠠᠯ ᠵᠤᠬᠢᠨ᠎ᠠ᠃    


ᠳᠠᠮᠢᠷ ᠤᠨ ᠬᠦᠳᠡᠯᠭᠡᠭᠡᠨ ᠢ ᠪᠠᠷᠢᠮᠳᠠᠯᠠᠨ᠎ᠠ    

ᠡᠳᠦᠷ ᠪᠤᠯᠭᠠᠨ 1 ᠴᠠᠭ ᠬᠢᠷᠢᠳᠡᠢ ᠬᠦᠳᠡᠯᠭᠡᠭᠡᠨ ᠬᠢᠨ᠎ᠠ᠂ ᠨᠠᠰᠤᠳᠠᠶᠢᠴᠤᠳ ᠬᠦᠩᠭᠡᠨ ᠬᠦᠳᠡᠯᠭᠡᠭᠡᠨ ᠰᠤᠩᠭᠤᠪᠠᠯ ᠵᠤᠬᠢᠨ᠎ᠠ᠃    


ᠭᠡᠳᠡᠰᠦ ᠪᠠᠨ ᠭᠡᠳᠦ  《ᠴᠡᠪᠡᠷᠯᠡᠵᠦ》 ᠪᠤᠯᠬᠤ ᠦᠭᠡᠢ

ᠵᠠᠬ᠎ᠠ ᠳᠡᠯᠭᠡᠭᠦᠷ ᠳᠡᠭᠡᠷ᠎ᠡ ᠬᠤᠳᠠᠯᠳᠤᠵᠤ ᠪᠠᠶᠢᠭ᠎ᠠ 《ᠬᠤᠤᠷ᠎ᠠ ᠳᠤᠭᠤᠯᠭᠠᠬᠤ ᠪᠦᠲᠦᠭᠡᠭᠳᠡᠭᠦᠨ》 ᠤ ᠭᠡᠷᠡᠭ ᠲᠠᠢᠪᠦᠷᠢᠯᠳᠦᠭᠦᠨ ᠨᠢ ᠪᠠᠷᠤᠭ ᠪᠦᠷ ᠭᠢᠰᠢᠭᠦᠨ᠎ᠠ᠂ ᠬᠠᠰᠠᠶ᠎ᠠ ᠪᠤᠷᠴᠠᠭ ᠤᠨ ᠦᠷ᠎ᠡ ᠵᠡᠷᠭᠡ ᠳᠤᠭᠤᠯᠭᠠᠬᠤ ᠡᠮ ᠪᠠᠶᠢᠳᠠᠭ᠂ ᠤᠷᠳᠤᠬᠤᠭᠤᠴᠠᠭ᠎ᠠ ᠪᠠᠷ ᠭᠡᠷᠡᠭᠯᠡᠪᠡᠯ ᠭᠡᠳᠡᠰᠦᠨ ᠤ ᠰᠠᠯᠢᠰᠦᠳᠦ ᠪᠦᠷᠭᠦᠪᠴᠢ ᠶᠢ ᠬᠤᠬᠢᠷᠠᠭᠤᠯᠤᠨ᠎ᠠ᠃ ᠡᠭᠦᠨ ᠠᠴᠠ ᠭᠠᠳᠠᠨ᠎ᠠ᠂ ᠡᠩ ᠤᠨ ᠭᠡᠷᠡᠭᠯᠡᠳᠡᠭ ᠬᠤᠷᠭᠤᠰᠤᠯᠠᠬᠤ ᠶᠢ ᠨᠠᠮᠳᠠᠭᠤᠯᠳᠠᠭ᠂ ᠬᠤᠷᠭᠤᠰᠤ ᠶᠢ ᠭᠠᠳᠠᠭᠰᠢᠯᠠᠭᠤᠯᠬᠤ ᠳᠤ ᠭᠡᠷᠡᠭᠯᠡᠳᠡᠭ ᠡᠮ ᠢ ᠴᠤ ᠤᠷᠳᠤᠬᠤᠭᠤᠴᠠᠭ᠎ᠠ ᠪᠠᠷ ᠭᠡᠷᠡᠭᠯᠡᠵᠦ ᠪᠤᠯᠬᠤ ᠦᠭᠡᠢ᠂ ᠭᠡᠳᠡᠰᠦᠨ ᠤ ᠬᠠᠨ᠎ᠠ ᠶᠢᠨ ᠮᠡᠳᠡᠷᠡᠯ ᠳᠤ ᠬᠤᠬᠢᠷᠠᠯ ᠤᠴᠠᠷᠠᠭᠤᠯᠵᠤ᠂ ᠭᠡᠳᠡᠰᠦᠨ ᠤᠴᠢᠳᠠᠪᠬᠢ ᠶᠢ ᠮᠠᠭᠤᠳᠠᠭᠤᠯᠳᠠᠭ᠃


ᠪᠠᠺᠲ᠋ᠧᠷᠢ ᠳᠠᠷᠤᠬᠤ ᠡᠮ ᠢ ᠳᠤᠷ᠎ᠠ ᠪᠠᠷ ᠭᠡᠷᠡᠭᠯᠡᠵᠦ ᠪᠤᠯᠬᠤ ᠦᠭᠡᠢ    

ᠪᠠᠺᠲ᠋ᠧᠷᠢ ᠳᠠᠷᠤᠬᠤ ᠡᠮ ᠨᠢ ᠡᠪᠡᠳᠴᠢᠨ ᠡᠭᠦᠰᠭᠡᠳᠡᠭ ᠪᠠᠺᠲ᠋ᠧᠷᠢ ᠶᠢ ᠠᠯᠠᠳᠠᠭ ᠢᠶᠠᠷ ᠪᠠᠷᠠᠬᠤ ᠦᠭᠡᠢ᠂ ᠭᠡᠳᠡᠰᠦᠨ ᠳᠤᠳᠤᠷᠠᠬᠢ ᠠᠰᠢᠭᠳᠤ ᠪᠠᠺᠲ᠋ᠧᠷᠢ ᠶᠢ ᠴᠤ ᠠᠯᠠᠳᠠᠭ᠂ ᠳᠡᠶᠢᠮᠦ ᠠᠴᠠ ᠭᠡᠳᠡᠰᠦᠨ ᠳᠤᠳᠤᠷᠠᠬᠢ ᠪᠠᠺᠲ᠋ᠧᠷᠢ ᠶᠢᠨ ᠬᠠᠮᠠᠭᠠᠯᠠᠯᠳᠠ ᠶᠢᠨ ᠳᠡᠩᠴᠡᠭᠦᠷᠢ ᠶᠢᠡᠪᠳᠡᠵᠦ᠂ ᠤᠯᠠᠨ ᠵᠦᠢᠯ ᠤᠨ ᠡᠪᠡᠳᠴᠢᠨ ᠤ ᠠᠶᠤᠯ ᠢ ᠨᠡᠮᠡᠭᠳᠡᠭᠦᠯᠳᠡᠭ᠃

ᠢᠷᠡᠯᠳᠡ : 

ᠦᠪᠦᠷ ᠮᠤᠩᠭᠤᠯ ᠤᠨ ᠡᠳᠦᠷ ᠦᠨ ᠰᠤᠨᠢᠨ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ