1.jpg

ᠡᠩ ᠤᠨ ᠪᠠᠶᠢᠳᠠᠯ ᠳᠤ ᠬᠦᠮᠦᠰ ᠲᠦᠴᠢᠨ ᠲᠠᠪᠤᠨ ᠨᠠᠰᠤ ᠶᠢ ᠦᠩᠬᠡᠷᠡᠪᠡᠯ ᠦᠲᠡᠯᠬᠦ ᠵᠦᠭ ᠲᠡᠭᠡᠨ ᠬᠠᠨᠳᠦᠵᠦ᠂ ᠵᠢᠷᠠᠨ ᠲᠠᠪᠤᠨᠨᠠᠰᠤ ᠶᠢ ᠦᠩᠬᠡᠷᠡᠬᠡᠪᠡᠯ ᠦᠲᠡᠯᠦᠬᠡ ᠨᠠᠰᠤᠨ ᠤ ᠦᠶ᠎ᠡ ᠳᠡᠭᠡᠨ ᠤᠷᠤᠲᠠᠬ᠃     

ᠬᠡᠷᠪᠡ ᠲᠦᠴᠢᠨ ᠲᠠᠪᠤᠨ ᠨᠠᠰᠤ ᠬᠦᠷᠬᠦ ᠠᠴᠠ ᠡᠮᠤᠨ᠎ᠡ ᠰᠠᠨᠴᠢᠬ ᠨᠢ ᠪᠤᠭᠤᠷᠤᠯᠳᠤᠬᠤ᠂ ᠬᠠᠷᠠᠭ᠎ᠠ ᠨᠢ ᠮᠠᠭᠤᠲᠠᠬᠤ᠂ ᠨᠢᠲᠦᠨ ᠤ ᠵᠤᠪᠬᠢᠨ ᠳᠤᠨᠢ ᠠᠲᠤᠷᠢᠶ᠎ᠠ ᠰᠠᠭᠤᠬᠤ᠂ ᠠᠵᠢᠯ ᠤᠨ ᠦᠷ᠎ᠡ ᠠᠰᠢᠬ ᠨᠢ ᠲᠤᠷᠤᠬᠰᠢᠯᠠᠬᠤ ᠵᠡᠷᠬᠡ ᠨᠠᠰᠦ ᠠᠬᠠᠰᠢᠷᠠᠬᠰᠠᠨ ᠪᠠᠶᠢᠳᠠᠯᠢᠯᠡᠷᠡᠪᠡᠯ ᠡᠷᠲᠡ ᠦᠲᠡᠯᠦᠭᠰᠡᠨ ᠳᠤ ᠲᠤᠭᠠᠴᠠᠬᠳᠠᠨ᠎ᠠ᠃ ᠶᠠᠮᠠᠷ ᠴᠦ ᠬᠦᠮᠦᠨ ᠡᠷᠲᠡ ᠦᠲᠡᠯᠭᠦ ᠲᠤᠷ᠎ᠡ ᠦᠬᠡᠢ ᠪᠠᠶᠢᠳᠠᠬ᠃ ᠤᠲᠤ ᠡᠷᠲᠡ ᠦᠳᠡᠯᠭᠦ ᠠᠴᠠ ᠰᠡᠷᠭᠡᠶᠢᠯᠡᠬᠦ A᠂ B ᠬᠤᠶᠠᠷ ᠪᠦᠯᠦᠭ ᠢᠲᠡᠭᠡᠨ ᠢ ᠲᠠᠨᠢᠯᠴᠠᠭᠤᠯᠤᠶ᠎ᠠ᠃        

A ᠪᠦᠯᠦᠭ ᠢᠲᠡᠭᠡᠨ᠄     

1. ᠴᠢᠨᠠᠷ ᠰᠠᠶᠢᠲᠠᠢ ᠪᠠᠯ ᠢ ᠡᠳᠦᠷ ᠪᠦᠷᠢ ᠡᠷᠲᠡ ᠤᠷᠤᠢ ᠳᠠᠭᠠᠨ ᠦᠯᠦᠨ ᠢᠶᠠᠷ 40 ~50 ᠮᠢᠯᠢᠯᠢᠲᠷ ᠤᠤᠭᠤᠪᠠᠯᠬᠦᠮᠦᠨ ᠤ ᠪᠡᠶ᠎ᠡ ᠳᠤ ᠬᠦᠴᠢᠯᠳᠦ᠋ᠷᠦᠭᠴᠢ ᠬᠠᠩᠭᠠᠬᠤ ᠶᠢᠨ ᠬᠠᠮᠲᠦ ᠴᠢᠰᠤᠨ ᠤ ᠡᠷᠭᠢᠯᠲᠡ ᠶᠢ ᠲᠦᠷᠭᠡᠳᠭᠡᠭᠡᠳ ᠦᠳᠡᠯᠭᠦ ᠶᠢᠤᠲᠠᠭᠠᠰᠢᠷᠠᠭᠤᠯᠵᠦ ᠴᠤᠬ ᠰᠦᠯᠲᠡ ᠶᠢ ᠪᠠᠲᠠᠷᠠᠭᠤᠯᠵᠦ ᠴᠢᠳᠠᠨ᠎ᠠ᠃      

 2.ᠮᠠᠭᠠᠵᠢ᠂ ᠰᠠᠮᠤᠷ ᠤᠨ ᠴᠦᠮ᠎ᠡ ᠶᠢ ᠢᠳᠡᠪᠡᠯ ᠦᠲᠡᠯᠭᠦ ᠶᠢ ᠤᠲᠠᠭᠠᠰᠢᠷᠠᠭᠤᠯᠵᠦ ᠴᠢᠲᠠᠨ᠎ᠠ᠃ ᠡᠬᠦᠨ ᠳᠤ ᠤᠷᠢᠳ ᠢᠶᠠᠷᠮᠠᠭᠠᠵᠢ ᠪᠠᠨ ᠬᠠᠭᠤᠷᠴᠦ ᠲᠠᠯᠠᠬᠳᠠᠨ᠎ᠠ᠃ ᠲᠠᠷᠠᠭ᠎ᠠ ᠨᠢ ᠰᠠᠮᠤᠷ ᠤᠨ ᠴᠦᠮ᠎ᠡ ᠶᠢᠨ ᠬᠠᠯᠢᠰᠦ ᠶᠢ ᠠᠪᠴᠦ ᠲᠠᠯᠠᠬᠲᠠᠨ ᠱᠠᠭᠠᠵᠠᠩᠯᠤᠩᠬᠤᠨ ᠳᠤ ᠬᠢᠵᠦ ᠲᠠᠯᠪᠢᠭᠠᠳ ᠡᠳᠦᠷ ᠪᠦᠷᠢ 20~30 ᠭᠷᠠᠮ ᠢ ᠰᠢᠬᠢᠷ ᠲᠠᠢ ᠬᠤᠯᠢᠵᠦ ᠢᠲᠡᠨ᠎ᠡ᠃ ᠮᠠᠭᠠᠵᠢ ᠳᠤ ᠦᠲᠡᠯᠭᠦ ᠶᠢ ᠤᠲᠠᠭᠠᠰᠢᠷᠠᠭᠤᠯᠬᠤ ᠸᠢᠲ᠋ᠠᠮᠢᠨ A ᠡᠯᠪᠡᠭ ᠪᠠᠶᠢᠳᠠᠬ᠃ ᠡᠨᠡ ᠨᠢ ᠬᠦᠮᠦᠨ ᠤ ᠪᠡᠶ᠎ᠡ ᠶᠢᠨ ᠡᠰ ᠤᠨ ᠦᠲᠡᠯᠭᠦ ᠶᠢ ᠤᠲᠠᠭᠠᠰᠢᠷᠠᠭᠤᠯᠲᠠᠬ᠃ᠰᠠᠮᠤᠷ ᠤᠨ ᠴᠦᠮ᠎ᠡ ᠨᠢ ᠬᠦᠮᠦᠨ ᠤ ᠪᠠᠶ᠎ᠠ ᠶᠢᠨ ᠲᠤᠲᠤᠭᠠᠲᠦ ᠱᠦᠬᠦᠷᠡᠯ ᠴᠢᠲᠠᠪᠤᠷᠢ ᠶᠢ ᠰᠠᠶᠢᠵᠢᠷᠠᠭᠤᠯᠬᠤ ᠪᠤᠯᠬᠤᠷ ᠦᠲᠡᠯᠭᠦ ᠶᠢ ᠤᠲᠠᠭᠠᠰᠢᠷᠠᠭᠤᠯᠲᠠᠬ᠃      

3. ᠲᠠᠯᠠᠢ ᠶᠢᠨ ᠵᠢᠭᠠᠰᠦ ᠪᠠ ᠶᠠᠰᠤᠲᠦ ᠮᠡᠯᠡᠬᠡᠢ ᠳᠤ ᠫᠧᠨᠢᠰᠢᠯᠢᠨ ᠤ ᠬᠤᠶᠠᠷᠴᠢ ᠬᠦᠴᠢᠯ ᠠᠭᠤᠯᠤᠬᠳᠠᠵᠦ ᠪᠠᠶᠢᠭ᠎ᠠ ᠪᠤᠯᠬᠤᠷᠰᠤᠲᠠᠯ ᠬᠠᠲᠠᠭᠤᠷᠠᠬᠤ ᠠᠴᠠ ᠰᠡᠷᠭᠡᠶᠢᠯᠡᠵᠦ ᠴᠢᠲᠠᠨ᠎ᠠ᠃      

 4. ᠬᠠᠷ᠎ᠠ ᠲᠠᠯᠲᠠᠤ ᠳᠤ ᠴᠢᠰᠦ ᠡᠭᠡᠳᠡᠬᠦ ᠠᠴᠠ ᠰᠡᠷᠭᠡᠶᠢᠯᠡᠬᠦ‍ ᠨᠢᠬᠡ ᠵᠦᠢᠯ ᠤᠨ ᠪᠤᠲᠠᠰ ᠪᠠᠶᠢᠳᠠᠬ᠃ ᠬᠠᠷ᠎ᠠ ᠲᠠᠯᠲᠠᠤ ᠶᠢᠦᠷᠬᠦᠯᠵᠢ ᠢᠳᠡᠪᠡᠯ ᠵᠢᠷᠦᠬᠡ ᠪᠠ ᠰᠤᠲᠠᠯ ᠤᠨ ᠡᠪᠡᠳᠴᠢᠨ ᠤᠯᠬᠤ ᠠᠴᠠ ᠰᠡᠷᠭᠡᠶᠢᠯᠡᠵᠦ ᠦᠲᠡᠯᠬᠦ ᠶᠢ ᠤᠲᠠᠭᠠᠰᠢᠷᠠᠭᠤᠯᠲᠠᠬ᠃      

5. ᠴᠠᠭᠠᠨ ᠯᠤᠤᠪᠠᠩ᠂ ᠰᠢᠷ᠎ᠠ ᠯᠤᠤᠪᠠᠩ ᠡᠰ ᠤᠨ ᠢᠲᠡᠪᠬᠢᠵᠢᠯ ᠢ ᠰᠠᠶᠢᠵᠢᠷᠠᠭᠤᠯᠵᠦ ᠦᠮᠡᠨ ᠤ ᠡᠰ ᠢ ᠤᠰᠠᠳᠬᠠᠬᠤᠴᠢᠲᠠᠪᠤᠷᠢ ᠶᠢ ᠡᠷᠴᠢᠮᠵᠢᠭᠦᠯᠲᠡᠭ᠃ ᠡᠶᠢᠮᠦ ᠠᠴᠠ ᠪᠠᠶ᠎ᠡ ᠶᠢᠨ ᠡᠪᠡᠳᠴᠢᠨ ᠢ ᠦᠯᠥ ᠬᠠᠯᠳᠠᠭᠠᠬᠤ᠂ ᠦᠲᠡᠯᠭᠦ ᠶᠢ ᠤᠲᠠᠭᠠᠰᠢᠷᠠᠭᠤᠯᠬᠤᠴᠢᠲᠠᠪᠤᠷᠢ ᠶᠢ ᠨᠡᠮᠡᠭᠳᠡᠭᠦᠯᠲᠡᠭ᠃      

6. ᠦᠨᠳᠡᠭᠡᠨ ᠮᠦᠬᠦ᠂ ᠪᠤᠷᠤ ᠮᠦᠬᠦ ᠵᠡᠷᠭᠡ ᠳᠤ ᠪᠤᠭᠤᠲᠠᠢ ᠶᠢᠨ ᠠᠯᠺᠤᠤᠯ ᠮᠡᠲᠦ ᠶᠢᠨ ᠤᠷᠭᠤᠮᠠᠯ ᠤᠨ ᠴᠢᠨᠠᠷᠲᠠᠢ ᠲᠤᠬᠲᠠᠮᠠᠯᠠᠯᠺᠤᠤᠯ ᠠᠭᠤᠯᠤᠬᠳᠠᠵᠦ ᠪᠠᠶᠢᠬᠤ ᠪᠤᠯᠬᠤᠷ ᠦᠮᠡᠨ ᠢ ᠲᠠᠷᠤᠬᠤ ᠰᠠᠶᠢᠨ ᠦᠢᠯᠡᠳᠦᠯ ᠲᠠᠢ ᠪᠠᠶᠢᠳᠠᠬ᠃    B ᠪᠦᠯᠦᠭ ᠢᠲᠡᠭᠡᠨ᠄

ᠲᠤᠤᠷᠠᠬᠢ ᠢᠲᠡᠬᠡᠨ ᠳᠤ ᠦᠲᠡᠯᠬᠦ ᠶᠢ ᠤᠳᠠᠭᠠᠰᠢᠷᠠᠭᠤᠯᠬᠤ ᠪᠦᠬᠡᠮ ᠬᠦᠴᠢᠯ ᠪᠠᠶᠢᠳᠠᠬ᠃ ᠡᠬᠦᠨ ᠳᠤ᠄     

1. ᠤᠯᠠᠨ ᠵᠦᠢᠯ ᠤᠨ ᠬᠠᠲᠠᠭᠤ ᠵᠢᠮᠢᠰ᠂ ᠢᠯᠠᠩᠭᠤᠶ᠎ᠠ ᠬᠦᠢᠯᠡᠰᠦᠨ ᠤ ᠴᠦᠮ᠎ᠠ᠂ ᠰᠢᠳ ᠤᠨ ᠴᠦᠮ᠎ᠠ ᠪᠤᠯᠤᠨ ᠭᠠᠵᠠᠷ ᠤᠨᠰᠠᠮᠤᠷ ᠪᠤᠯᠤᠨ᠎ᠠ᠃ ᠢᠳᠡᠬᠦ ᠳᠡᠭᠡᠨ ᠲᠠᠪᠤᠰᠦ ᠬᠢᠬᠦ ᠪᠤᠶᠤ ᠬᠡᠮᠬᠡᠯᠡᠵᠦ ᠪᠤᠯᠬᠤ ᠦᠬᠡᠢ᠃     

2. ᠪᠤᠭᠤᠲᠠᠢ ᠶᠢᠨ ᠨᠠᠬᠢᠶ᠎ᠠ᠃ ᠦᠷᠯᠦᠬᠡᠨ ᠤ ᠬᠤᠭᠤᠯᠠ ᠢᠳᠡᠬᠦ ᠦᠶ᠎ᠡ ᠳᠤ ᠵᠢᠮᠢᠰ ᠤᠨ ᠰᠢᠬᠦᠰᠦ ᠪᠠ ᠲᠤᠰᠤ ᠦᠬᠡᠶᠢᠵᠢᠭᠦᠯᠦᠭᠰᠡᠨ ᠰᠦ ᠲᠠᠢ ᠢᠲᠡᠨ᠎ᠡ᠃     

3. ᠪᠤᠭᠤᠲᠠᠢ ᠶᠢᠨ ᠬᠡᠪᠡᠭ᠃ ᠪᠤᠭᠤᠲᠠᠢ ᠶᠢᠨ ᠨᠠᠬᠢᠶ᠎ᠠ ᠶᠢ ᠤᠷᠤᠯᠠᠭᠤᠯᠬᠤ ᠪᠤᠶᠤ ᠨᠦᠬᠦᠪᠤᠷᠢᠯᠠᠵᠦ ᠪᠤᠯᠤᠨ᠎ᠠ᠃ ᠬᠡᠪᠡᠴᠦ ᠬᠤᠰᠬᠢᠨᠠᠬ ᠦᠷᠪᠢᠰᠬᠦ ᠠᠴᠠ ᠰᠡᠷᠬᠡᠶᠢᠯᠡᠬᠦ ᠶᠢᠨ ᠲᠤᠯᠠ ᠪᠠᠭ᠎ᠠ ᠢᠳᠡᠪᠡᠯ ᠵᠤᠬᠢᠨ᠎ᠠ᠃      

4. ᠨᠢᠴᠠᠯᠤᠬᠰᠠᠨ ᠠᠷᠪᠠᠢ᠃ ᠡᠰ ᠢ ᠨᠡᠮᠡᠭᠳᠡᠬᠦᠯᠬᠦ ᠳᠤ ᠮᠠᠰᠢ ᠲᠤᠰᠠᠲᠠᠢ᠃      

5. ᠲᠠᠬᠢᠶᠠᠨ ᠤ ᠭᠤᠶ᠎ᠠ᠃ ᠲᠠᠬᠢᠶᠠᠨ ᠤ ᠰᠢᠮ᠎ᠡ ᠲᠡᠵᠢᠬᠡᠯ ᠨᠢ ᠭᠤᠶ᠎ᠠ ᠪᠠ ᠬᠠᠷ᠎ᠠ ᠮᠢᠬᠠᠨ ᠳᠤ ᠨᠢ ᠪᠠᠶᠢᠨ᠎ᠠ᠃      

6.ᠦᠷᠭᠡᠰᠦᠲᠦ ᠨᠤᠭᠤᠭ᠎ᠠ᠃ ᠲᠡᠬᠦᠨ ᠳᠤ ᠡᠪᠡᠰᠦᠨ ᠤ ᠬᠦᠴᠢᠯ ᠠᠭᠤᠯᠤᠬᠳᠠᠪᠠᠴᠦ ᠶᠡᠭᠡ ᠬᠡᠮᠵᠢᠶᠡᠨ ᠤᠪᠦᠬᠡᠮ ᠬᠦᠴᠢᠯ ᠢ ᠬᠠᠩᠭᠠᠵᠦ ᠦᠭᠲᠡᠭ ᠶᠤᠮ᠃      

7. ᠪᠤᠷᠴᠠᠬ ᠤᠨ ᠵᠦᠢᠯ᠃ ᠲᠡᠭᠦᠨ ᠳᠤ ᠤᠭᠤᠷᠠᠬ ᠡᠯᠪᠡᠭ᠃ ᠮᠢᠠᠬᠨ ᠤ ᠵᠦᠢᠯ ᠪᠤᠯᠤᠨ ᠪᠤᠯᠪᠠᠰᠤᠷᠠᠭᠤᠯᠤᠬᠰᠠᠨ ᠴᠠᠭᠠᠨᠢᠳᠡᠭᠡ ᠶᠢ ᠤᠷᠤᠯᠠᠵᠦ ᠪᠤᠯᠤᠨ᠎ᠠ᠃     

8. ᠪᠤᠷᠤ ᠪᠤᠷᠴᠠᠬ᠃ ᠮᠦᠨ ᠮᠢᠬᠠᠨ ᠤ ᠤᠭᠤᠷᠠᠬ ᠢ ᠤᠷᠤᠯᠠᠬᠴᠢ ᠢᠲᠡᠭᠡᠨ ᠮᠦᠨ᠃     

9. ᠼᠠᠨᠳᠧᠤ᠃ ᠪᠤᠷᠤ ᠪᠤᠷᠴᠠᠭ ᠲᠠᠢ ᠠᠳᠠᠯᠢ ᠰᠢᠮ᠎ᠠ ᠲᠡᠵᠢᠬᠡᠯ ᠪᠠᠶᠢᠬᠤ ᠠᠴᠠ ᠭᠠᠲᠠᠨ᠎ᠠ ᠤᠯᠠᠨ ᠵᠦᠢᠯ ᠤᠨ ᠰᠢᠬᠢᠷ ᠤᠨᠪᠦᠷᠢᠯᠳᠦᠬᠦᠨ ᠠᠭᠤᠯᠤᠬᠳᠠᠵᠦ ᠬᠦᠮᠦᠨ ᠤ ᠪᠡᠶ᠎ᠡ ᠶᠢ ᠨᠡᠩ ᠶᠡᠭᠡ ᠢᠲᠡᠪᠬᠢᠵᠢᠭᠦᠯᠲᠡᠭ᠃  

ᠬᠦᠮᠦᠨ ᠲᠦᠷᠦᠯᠬᠢᠲᠡᠨ ᠤ ᠠᠮᠢ ᠨᠠᠰᠤ ᠶᠢ ᠤᠷᠲᠤᠳᠬᠠᠬᠤ ᠠᠨᠢᠰᠤ ᠶᠢ ᠡᠷᠢᠵᠦ ᠤᠯᠬᠤ ᠶᠢᠨ ᠲᠦᠯᠦᠬᠡ ᠰᠢᠨᠵᠢᠯᠡᠬᠦ ᠤᠬᠠᠭᠠᠳᠠᠳ ᠶᠡᠬᠡᠬᠡᠨ ᠰᠤᠲᠤᠯᠭ᠎ᠠ ᠬᠢᠵᠦ ᠤᠯᠠᠨ ᠵᠦᠢᠯ ᠤᠨ ᠤᠨᠤᠯ ᠢ ᠲᠤᠷᠠᠳᠴᠦ ᠭᠠᠷᠭᠠᠪᠭ᠍ᠰᠠᠨ ᠪᠦᠬᠡᠳ ᠬᠦᠮᠦᠨ ᠤ ᠪᠡᠶ᠎ᠡ ᠳᠠᠬᠢᠪᠦᠬᠡᠮ ᠬᠦᠴᠢᠯ ᠪᠤᠯ ᠪᠠᠶ᠎ᠡ ᠳᠠᠬᠢ ᠡᠰ ᠪᠠ ᠨᠡᠬᠡᠳᠡᠰᠦ ᠶᠢ ᠴᠢᠩᠭᠠᠷᠠᠭᠤᠯᠬᠤ ᠴᠢᠬᠤᠯᠠ ᠬᠦᠴᠦᠨ ᠵᠦᠢᠯ ᠮᠦᠨ ᠬᠡᠵᠦ ᠵᠠᠷᠢᠮᠠᠳ ᠨᠢᠦᠵᠡᠵᠦ ᠪᠠᠶᠢᠨ᠎ᠠ᠃ ᠬᠦᠮᠦᠰ ᠬᠠᠩᠭᠠᠮᠵᠢᠲᠠᠢ ᠪᠦᠬᠡᠮ ᠬᠦᠴᠢᠯ ᠢ ᠲᠠᠰᠤᠷᠠᠯᠲᠠ ᠦᠬᠡᠢ ᠬᠦᠷᠲᠡᠭᠰᠡᠨ ᠤ ᠲᠠᠷᠠᠭ᠎ᠠ ᠡᠳᠡᠭᠡᠷ ᠪᠦᠬᠡᠮᠬᠦᠴᠢᠯ ᠨᠢ ᠦᠷᠴᠢᠯᠡᠭᠡ ᠤᠷᠤᠬᠤ ᠶᠢ ᠬᠤᠶᠢᠰᠢᠯᠠᠭᠤᠯᠵᠦ ᠪᠠᠶ᠎ᠠ ᠶᠢᠨ ᠨᠠᠬᠡᠳᠡᠰᠦ ᠰᠤᠯᠠᠷᠠᠬᠤ᠂ ᠪᠠᠶ᠎ᠠ ᠮᠠᠬᠠᠪᠤᠳ ᠤᠨ ᠰᠢᠨ᠎ᠡ ᠬᠠᠭᠤᠴᠢᠨ ᠤ ᠰᠤᠯᠢᠭᠳᠠᠯ ᠢ ᠬᠤᠷᠢᠭᠯᠠᠵᠤ ᠴᠢᠲᠠᠨ᠎ᠠ᠃

ᠢᠷᠡᠯᠳᠡ : 

《ᠡᠷᠢᠨ ᠴᠠᠬ ᠲᠤ ᠨᠦᠯᠦᠬᠡ ᠲᠠᠢ 99 ᠠᠮᠢᠳᠤᠷᠠᠯ ᠤᠨ ᠠᠷᠭ᠎ᠠ ᠤᠬᠠᠭᠠᠨ》    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ