ᠬᠠᠯᠠᠭᠤᠨ ᠷᠠᠰᠢᠶᠠᠨ ᠨᠢ ᠬᠦᠮᠦᠨ ᠤ ᠪᠡᠶ᠎ᠡ ᠶᠢᠨ ᠪᠤᠯᠴᠢᠡᠭ᠂ ᠦᠶ ᠡ ᠭᠡᠰᠢᠭᠦᠦ ᠶᠢ ᠰᠤᠯᠠᠷᠠᠭᠤᠯᠵᠦ᠂ ᠶᠠᠳᠠᠷᠠᠭ᠎ᠠ ᠶᠢ ᠲᠠᠶᠢᠯᠬᠤ ᠴᠢᠳᠠᠯ ᠲᠠᠢ᠃ ᠭᠡᠬᠦ ᠮᠦᠷᠳᠡᠬᠡᠨ ᠬᠠᠯᠠᠭᠤᠨ ᠷᠠᠰᠢᠶᠠᠨ ᠨᠢ ᠴᠢᠰᠦᠨ ᠰᠤᠳᠠᠯ ᠢ ᠲᠡᠯᠡᠵᠦ᠂ ᠴᠢᠰᠦᠨ ᠤ ᠡᠷᠬᠢᠯᠲᠡ ᠶᠢ ᠠᠬᠢᠭᠤᠯᠤᠨ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠲᠦᠷᠭᠡᠳᠭᠡᠬᠦ ᠴᠢᠳᠠᠪᠤᠷᠢ ᠲᠠᠢ᠃

 ᠬᠠᠯᠠᠭᠤᠨ ᠷᠠᠰᠢᠶᠠᠨ ᠨᠢ ᠬᠡᠳᠦᠢᠢᠪᠡᠷ ᠰᠠᠶᠢᠨ ᠪᠤᠯᠪᠠᠴᠦ ᠬᠦᠭᠰᠢᠨ ᠵᠠᠯᠠᠭᠤ ᠭᠡᠰᠡᠨ ᠦᠭᠡᠢ ᠪᠦᠷ ᠲᠤᠬᠢᠷᠠᠬᠤ ᠪᠢᠰᠢ ᠶᠤᠮ᠃ ᠲᠤᠰᠬᠠᠢ ᠮᠡᠷᠭᠡᠵᠢᠯᠲᠡᠨ ᠰᠠᠨᠠᠭᠤᠯᠤᠬᠰᠠᠨ ᠨᠢ ᠳᠤᠤᠷᠠᠬᠢ 4 ᠵᠦᠢᠯ ᠤᠨ ᠬᠦᠮᠦᠨ ᠬᠠᠯᠠᠭᠤᠨ ᠷᠠᠰᠢᠶᠠᠨ ᠳ᠋ᠦ ᠬᠠᠮᠤᠬ ᠰᠠᠶᠢᠨ ᠨᠢ ᠰᠠᠭᠤᠬᠤ ᠦᠭᠡᠢ ᠪᠠᠶᠢᠪᠠᠯ ᠰᠠᠶᠢᠨ᠄

 ᠬᠡᠤᠬᠡᠳ ᠠᠪᠬᠤ ᠬᠦᠰᠡᠯ ᠲᠠᠢ ᠡᠷᠡᠭᠲᠡᠶᠢᠴᠦᠳ ᠪᠤᠯ ᠬᠠᠯᠠᠭᠤᠨ ᠷᠠᠰᠢᠶᠠᠨ ᠳ᠋ᠦ ᠤᠯᠠᠨ ᠰᠠᠭᠤᠬᠤ ᠳ᠋ᠦ ᠲᠤᠬᠢᠷᠠᠬᠤ ᠦᠭᠡᠢ᠃ ᠡᠷᠡᠭᠲᠡᠢ ᠶᠢᠨ ᠲᠦᠮᠦᠰᠦ ᠨᠢ ᠦᠷ᠎ᠡ ᠬᠢᠭᠡᠳ ᠡᠷ᠎ᠡ ᠬᠤᠷᠮᠤᠨ ᠤ ᠭᠠᠷᠭᠠᠯᠲᠠ ᠶᠢ ᠬᠠᠷᠢᠭᠤᠴᠠᠵᠦ ᠪᠠᠶᠢᠳᠠᠬ᠃ ᠬᠠᠮᠤᠬ ᠤᠨ ᠰᠠᠶᠢᠨ ᠠᠵᠢᠯᠯᠠᠬᠤ ᠲᠤᠯᠠᠭᠠᠨ ᠨᠢ 35.5 ᠭᠷᠠᠳᠦᠢᠰ ᠪᠤᠯᠤᠨ᠎ᠠ᠃ ᠡᠨᠡ ᠦᠶᠡᠰ ᠡᠷᠡᠭᠲᠡᠢ ᠬᠦᠮᠦᠨ ᠬᠠᠯᠠᠭᠤᠨ ᠷᠠᠰᠢᠶᠠᠨ ᠳ᠋ᠦ ᠰᠠᠭᠤᠪᠠᠯ ᠤᠰᠤᠨ ᠤ ᠳᠤᠯᠠᠭᠠᠨ ᠢ 40 ᠭᠷᠠᠳᠦᠢᠰ ᠲᠤᠳᠤᠷ᠎ᠠ ᠬᠢᠵᠠᠭᠠᠷᠯᠠᠵᠦ᠂ ᠴᠠᠬ ᠢ 15 ᠮᠢᠨᠦᠢᠲ ᠤᠷᠴᠢᠮ ᠪᠠᠶᠢᠯᠭᠠᠨ᠎ᠠ᠃ ᠪᠡᠯᠡᠳᠭᠡᠯ ᠵᠢᠷᠮᠦᠰᠦᠨ ᠤ ᠬᠤᠭᠤᠴᠠᠭ᠎ᠠ ᠶᠢᠨ ᠡᠷᠡᠭᠲᠡᠶᠢᠴᠦᠳ ᠡᠴᠡ ᠭᠠᠳᠠᠨ᠎ᠠ᠂ ᠵᠢᠷᠦᠬᠡ ᠲᠠᠷᠢᠬᠢᠨ ᠰᠤᠳᠠᠯ ᠤᠨ ᠡᠪᠡᠳᠴᠢᠲᠡᠨ᠂ ᠴᠢᠰᠦᠨ ᠰᠢᠬᠢᠷ ᠲᠤᠬᠳᠠᠪᠤᠷᠢ ᠦᠭᠡᠢ ᠬᠦᠮᠦᠰ᠂ ᠳᠤᠯᠪᠤᠨ ᠢᠯᠢᠲᠦ ᠲᠠᠢ ᠡᠪᠡᠳᠴᠢᠲᠡᠨ ᠪᠤᠯ ᠪᠠᠰᠠ ᠬᠠᠯᠠᠭᠤᠨ ᠷᠠᠰᠢᠶᠠᠨ ᠳ᠋ᠦ ᠰᠠᠭᠤᠬᠤ ᠳ᠋ᠦ ᠳᠤᠬᠢᠷᠠᠬᠤ ᠦᠭᠡᠢ᠃

 ᠮᠠᠨ ᠤ ᠤᠯᠤᠰ ᠤᠨ ︽ᠡᠮᠴᠢᠯᠡᠭᠡ ᠳ᠋ᠦ ᠬᠡᠷᠡᠭᠯᠡᠬᠦ ᠷᠠᠰᠢᠶᠠᠨ ᠢ ᠠᠡᠭᠭᠢᠯᠠᠬᠰᠠᠨ ᠪᠠᠷᠢᠮᠵᠢᠶ᠎ᠠ︾ ᠶᠢᠨ ᠲᠤᠬᠳᠠᠭᠠᠯ ᠢ ᠦᠨᠳᠦᠰᠦᠯᠡᠪᠡᠯ᠂ ᠬᠠᠯᠠᠭᠤᠨ ᠷᠠᠰᠢᠶᠠᠨ ᠤ ᠡᠷᠡᠭᠦᠯᠵᠢᠭᠦᠯᠬᠦ ᠦᠢᠯᠡᠳᠦᠯ ᠨᠢ ᠤᠰᠤᠨ ᠤ ᠳᠤᠯᠠᠠᠭᠠ᠂ ᠪᠦᠷᠢᠯᠳᠦᠭᠦᠨ ᠬᠢᠭᠡᠳ ᠠᠭᠤᠯᠤᠬᠳᠠᠴᠠ ᠭᠤᠷᠪᠠᠨ ᠲᠠᠯ᠎ᠠ ᠪᠡᠷ ᠲᠤᠬᠳᠠᠭᠠᠬᠳᠠᠨ᠎ᠠ᠃ ᠲᠤᠰᠬᠠᠢ ᠮᠡᠷᠭᠡᠵᠢᠯᠲᠡᠨ ᠵᠢᠭᠠᠵᠦ ᠭᠠᠷᠭᠠᠬᠰᠠᠨ ᠨᠢ᠂ ᠷᠠᠰᠢᠶᠠᠨ ᠤᠰᠤᠨ ᠳ᠋ᠦ ᠰᠠᠭᠤᠬᠤ ᠴᠠᠬ ᠤᠨ ᠤᠷᠲᠦ ᠤᠬᠤᠷ ᠢ ᠤᠰᠤᠨ ᠤ ᠳᠤᠯᠠᠭᠠᠨ ᠤ ᠠᠳᠠᠯᠢ ᠪᠤᠰᠤ ᠪᠡᠷ ᠲᠤᠬᠳᠠᠭᠠᠨ᠎ᠠ᠃ ᠶᠡᠷᠦ ᠳ᠋ᠡᠭᠡᠨ᠂ ᠳᠤᠯᠠᠭᠠᠨ ᠤ ᠬᠡᠮᠵᠢᠶ᠎ᠡ ᠬᠢᠭᠡᠳ ᠴᠠᠬ ᠨᠢ ᠰᠢᠭᠤᠳ ᠬᠠᠷᠢᠴᠠᠭ᠎ᠠ ᠲᠠᠢ ᠪᠠᠶᠢᠳᠠᠬ᠂ ᠲᠠᠷᠤᠢ ᠦᠨᠳᠦᠷ ᠬᠠᠯᠠᠭᠤᠨ ᠷᠠᠰᠢᠶᠠᠨ ᠳ᠋ᠦ ᠪᠤᠯ ᠨᠢᠭᠡ ᠤᠳᠠᠭ᠎ᠠ 5-10 ᠮᠢᠨᠦᠢᠲ ᠰᠠᠭᠤᠨ᠎ᠠ᠃

 ᠳᠤᠤᠷ᠎ᠠ ᠳᠤᠯᠠᠭᠠᠨ ᠷᠠᠰᠢᠶᠠᠨ ᠳ᠋ᠦ ᠪᠤᠯ ᠨᠢᠭᠡ ᠤᠳᠠᠭ᠎ᠠ ᠳ᠋ᠦ 15 ᠮᠢᠨᠦᠢᠲ ᠤᠷᠴᠢᠮ ᠰᠠᠭᠤᠨ᠎ᠠ᠃ ᠤᠭᠢᠶᠠᠬᠤ ᠲᠡᠰ ᠲᠠᠷᠠᠭ᠎ᠠ ᠨᠢ᠂ ᠤᠰᠤᠨ ᠤ ᠳᠤᠯᠠᠭᠠᠨ ᠨᠢ ᠨᠡᠯᠢᠶᠡᠳ ᠳᠤᠤᠷ᠎ᠠ ᠤᠡᠭᠭᠤᠴᠠ ᠡᠴᠡ ᠡᠬᠢᠯᠡᠬᠦ ᠪᠦᠭᠡᠳ ᠤᠰᠤᠨ ᠤ ᠲᠦᠪᠰᠢᠨ ᠢ ᠴᠡᠭᠡᠵᠢᠨ ᠬᠡᠰᠡᠭ ᠡᠴᠡ ᠲᠡᠭᠡᠭᠰᠢ ᠪᠠᠶᠢᠯᠭᠠᠬᠤ ᠦᠭᠡᠢ᠃ ᠤᠰᠤᠨ ᠤ ᠲᠦᠪᠰᠢᠨ ᠬᠡᠳᠦᠢ ᠦᠨᠳᠦᠷ ᠪᠤᠯ ᠰᠠᠭᠤᠬᠤ ᠴᠠᠬ ᠢ ᠬᠠᠷᠢᠴᠠᠡᠭᠭᠤᠢ ᠤᠬᠤᠷ ᠪᠠᠶᠢᠯᠭᠠᠨ᠎ᠠ᠃

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ