ᠳᠤᠮᠳᠠᠳᠦ ᠤᠯᠤᠰ ᠤᠨ ᠲᠠᠷᠢᠶᠠᠯᠠᠡᠭ ᠤᠨ ᠶᠡᠬᠡ ᠰᠤᠷᠭᠠᠭᠤᠯᠢ ᠶᠢᠨ ᠢᠳᠡᠭᠡᠨ ᠤ ᠰᠢᠨᠵᠢᠯᠡᠬᠦ ᠤᠬᠠᠭᠠᠨ ᠬᠢᠭᠡᠳ ᠰᠢᠮ᠎ᠡ ᠲᠡᠵᠢᠭᠡᠯ ᠤᠨ ᠢᠨᠵᠧᠨᠧᠷᠢᠡᠭ ᠤᠨ ᠲᠡᠭᠡᠳᠦ ᠰᠤᠷᠭᠠᠭᠤᠯᠢ ᠶᠢᠨ ᠲᠡᠳ᠋ ᠫᠷᠦᠹᠧᠰᠰᠤᠷ ᠹᠠᠨ ᡁᠢ ᠬᠤᠡᠭ ᠢᠡᠭᠲᠤᠤᠷ ᠲᠦ ᠺᠠᠯᠢ ᠪᠠ ᠸᠢᠲ᠋ᠠᠮᠢᠨC ᠡᠯᠪᠡᠭ ᠠᠭᠤᠯᠤᠬᠳᠠᠳᠠᠬ᠂ ᠲᠡᠷᠡᠴᠢᠯᠡᠨ ᠡᠨᠡ ᠬᠤᠶᠠᠷ ᠵᠦᠢᠯ ᠤᠨ ᠰᠢᠮ᠎ᠡ ᠲᠡᠵᠢᠭᠡᠯ ᠤᠨ ᠠᠭᠤᠯᠤᠬᠳᠠᠴᠠ ᠨᠢ ᠠᠯᠮᠤᠷᠠᠳ᠂ ᠠᠯᠢᠮ᠎ᠠ᠂ ᠦᠵᠦᠮ᠂ ᠴᠠᠯᠤ ᠵᠢᠮᠢᠰ᠂ ᠲᠠᠷᠪᠤᠰ ᠮᠡᠳᠦ ᠶᠢᠨ ᠵᠢᠮᠢᠰ ᠡᠴᠡ ᠴᠦ ᠢᠯᠡᠭᠦᠦ ᠪᠠᠶᠢᠳᠠᠬ᠃ ᠡᠭᠦᠪᠡᠷ ᠪᠠᠷᠠᠬᠤ ᠦᠭᠡᠢ ᠲᠡᠭᠦᠨ ᠳ᠋ᠦ ᠪᠠᠰᠠ ᠵᠢᠮᠢᠰᠦᠨ ᠴᠠᠪᠠᠤ ᠪᠠ ᠰᠢᠷᠬᠡᠭᠯᠢᠭ ᠡᠳ᠋ ᠡᠯᠪᠡᠭ ᠠᠭᠤᠯᠤᠬᠳᠠᠳᠠᠬ᠃ ᠭᠦᠨ ᠦᠡᠭᠭᠡ ᠶᠢᠨ ᠢᠡᠭᠲᠤᠤᠷ ᠲᠦ ᠼᠢᠶᠠᠨᠢᠳᠢᠨ᠂ ᠤᠤᠯ ᠼᠢᠶᠠᠨᠢᠳᠢᠨ ᠪᠠ ᠹᠧᠨᠤᠯ ᠬᠦᠴᠢᠯ ᠮᠡᠳᠦ ᠶᠢᠨ ᠢᠰᠦᠯᠳᠦᠯᠰᠡᠷᠬᠦ ᠪᠤᠳᠠᠰ ᠡᠯᠪᠡᠭ ᠠᠭᠤᠯᠤᠬᠳᠠᠳᠠᠬ ᠢᠶᠡᠷ ᠢᠶᠡᠨ ᠪᠤᠰᠤᠳ ᠤᠯᠠᠨ ᠵᠢᠮᠢᠰ ᠡᠴᠡ ᠳᠠᠪᠠᠭᠤᠯᠢᠬ ᠪᠠᠶᠢᠳᠠᠬ᠃
ᠴᠢᠰᠦᠨ ᠳᠠᠷᠤᠯᠳᠠ ᠦᠨᠳᠦᠷ ᠬᠦᠮᠦᠨ᠃ ᠢᠡᠭᠲᠤᠤᠷ ᠲᠦ ᠡᠯᠪᠡᠭ ᠠᠭᠤᠯᠤᠬᠳᠠᠬᠤ ᠺᠠᠯᠢ ᠶᠢᠨ ᠡᠳ᠋ ᠨᠢ ᠴᠢᠰᠦᠨ ᠳᠠᠷᠤᠯᠳᠠ ᠶᠢ ᠨᠠᠮᠳᠠᠭᠤᠯᠬᠤ ᠳ᠋ᠦ ᠠᠰᠢᠬᠲᠠᠢ ︵ᠬᠦᠷᠡᠡᠭ ᠤᠯᠠᠭᠠᠨ ᠲᠤᠮᠤᠬᠠᠨ ᠢᠡᠭᠲᠤᠤᠷ 222 ᠮᠢᠯᠢᠭᠷᠠᠮ᠋᠋ /100 ᠭᠷᠠᠮ︶᠃ ᠪᠠᠨᠠᠨᠠ ᠳ᠋ᠦ ᠴᠦ ᠺᠠᠯᠢ ︵︁︄︅256 ᠮᠢᠯᠢᠭᠷᠠᠮ᠋᠋ /100 ᠭᠷᠠᠮ︶ᠡᠯᠪᠡᠭ ᠠᠭᠤᠯᠤᠬᠳᠠᠳᠠᠬ ᠪᠤᠯᠪᠠᠴᠦ ᠠᠳᠠᠯᠢᠬᠠᠨ ᠢᠳᠡᠬᠦ ᠬᠡᠮᠵᠢᠶᠡᠨ ᠳ᠋ᠦ ᠠᠳᠠᠯᠢᠳᠬᠠᠪᠠᠯ ᠪᠠᠨᠠᠨᠠ ᠶᠢᠨ ᠢᠯᠴᠢ ᠶᠢᠨ ᠬᠡᠮᠵᠢᠶ ᠡ ︵93 ᠺᠢᠯᠤᠺᠠᠯᠤᠷᠢ /100 ᠭᠷᠠᠮ︶ ᠢᠡᠭᠲᠤᠤᠷ ᠤᠨ ᠬᠢ ︵63 ᠺᠢᠯᠤᠺᠠᠯᠤᠷᠢ /100 ᠭᠷᠠᠮ︶ᠡᠴᠡ ᠬᠤᠯᠠ ᠶᠡᠬᠡ ᠪᠠᠶᠢᠳᠠᠬ᠃ ᠡᠶᠢᠮᠦ ᠡᠴᠡ ᠪᠠᠨᠠᠨᠠ ᠶᠢᠨ ᠺᠠᠯᠢ ᠶᠢᠨ ᠲᠡᠵᠢᠭᠡᠯ ᠡᠳ᠋ ᠤᠨ ᠨᠢᠬᠲᠠᠴᠠ ᠨᠢ ᠢᠡᠭᠲᠤᠤᠷ ᠤᠨ ᠬᠢ ᠡᠴᠡ ᠬᠠᠷᠢᠨ ᠪᠠᠭ᠎ᠠ ᠪᠠᠶᠢᠳᠠᠬ᠃ ᠦᠭᠡᠷ᠎ᠡ ᠪᠡᠷ ᠬᠡᠯᠡᠪᠡᠯ᠂ ᠬᠡᠷᠪᠡ ᠺᠠᠯᠢ ᠨᠦᠬᠦᠬᠦ ᠮᠦᠷᠳᠡᠬᠡᠨ ᠪᠠᠰᠠ ᠰᠢᠬᠢᠷ ᠪᠤᠯᠤᠨ ᠢᠯᠴᠢ ᠶᠢᠨ ᠬᠡᠮᠵᠢᠶ᠎ᠡ ᠪᠠᠭ᠎ᠠ ᠰᠢᠡᠭᠭᠡᠭᠡᠶᠡ ᠭᠡᠵᠦ ᠪᠤᠳᠤᠪᠠᠯ ᠢᠡᠭᠲᠤᠤᠷ ᠢᠳᠡᠬᠦ ᠨᠢ ᠪᠠᠨᠠᠨᠠ ᠢᠳᠡᠬᠦ ᠡᠴᠡ ᠢᠯᠡᠭᠦᠦ ᠳᠤᠬᠢᠷᠠᠮᠵᠢᠲᠠᠢ᠃ ᠺᠠᠯᠢ ᠶᠢᠨ ᠲᠡᠵᠢᠭᠡᠯ ᠡᠳ᠋ ᠤᠨ ᠨᠢᠬᠲᠠᠴᠠ ᠪᠡᠷ ᠠᠪᠴᠦ ᠬᠡᠯᠡᠪᠡᠯ ᠢᠡᠭᠲᠤᠤᠷ ᠨᠢ ᠠᠯᠮᠤᠷᠠᠳ᠂ ᠠᠯᠢᠮ᠎ᠠ᠂ ᠲᠤᠭᠤᠷ᠂ ᠲᠠᠷᠪᠤᠰ ᠮᠡᠳᠦ ᠶᠢᠨ ᠵᠢᠮᠢᠰ ᠡᠴᠡ ᠰᠠᠶᠢᠨ ᠶᠤᠮ᠃
ᠲᠤᠯᠠᠢ ᠡᠪᠡᠳᠴᠢᠨ ᠲᠠᠢ ᠬᠦᠮᠦᠨ᠃ ᠺᠠᠯᠢ ᠶᠢᠨ ᠲᠡᠵᠢᠭᠡᠯ ᠡᠳ᠋ ᠤᠨ ᠨᠢᠬᠲᠠᠴᠠ ᠨᠢ ᠦᠨᠳᠦᠷ ᠡᠴᠡ ᠭᠠᠳᠠᠨ᠎ᠠ ᠬᠦᠷᠡᠡᠭ ᠤᠯᠠᠭᠠᠨ᠂ ᠬᠦᠷᠡᠡᠭ ᠬᠠᠷ᠎ᠠ ᠦᠡᠭᠭᠡ ᠶᠢᠨ ᠲᠤᠮᠤᠬᠠᠨ ᠢᠡᠭᠲᠤᠤᠷ ᠲᠦ ᠼᠠᠶᠠᠨᠢᠳᠢᠨ ᠡᠯᠪᠡᠭ ᠠᠭᠤᠯᠤᠬᠳᠠᠳᠠᠬ ᠮᠦᠷᠳᠡᠬᠡᠨ ᠪᠠᠭ᠎ᠠ ᠬᠡᠮᠵᠢᠶᠡᠨ ᠤ ᠤᠤᠯ ᠼᠠᠶᠠᠨᠢᠳᠢᠨ ᠪᠤᠯᠤᠨ ᠹᠧᠨᠤᠯ ᠬᠦᠴᠢᠯ ᠠᠭᠤᠯᠤᠬᠳᠠᠳᠠᠬ᠂ ᠲᠡᠭᠡᠬᠦ ᠪᠡᠷ ᠢᠰᠦᠯᠳᠦᠯᠰᠡᠷᠬᠦ ᠪᠤᠳᠠᠰ ᠤᠨ ᠠᠭᠤᠯᠤᠬᠳᠠᠴᠠ ᠨᠢ ᠮᠠᠰᠢ ᠶᠡᠬᠡ ᠪᠤᠯᠬᠤᠷ ᠦᠷᠪᠢᠰᠦᠯ ᠢ ᠲᠠᠷᠤᠬᠤ ᠳ᠋ᠦ ᠰᠠᠶᠢᠨ ᠪᠠᠶᠢᠵᠦ᠂ ᠲᠤᠯᠠᠢ ᠡᠪᠡᠳᠴᠢᠨ ᠲᠠᠢ ᠬᠦᠮᠦᠨ ᠳ᠋ᠦ ᠮᠠᠰᠢ ᠳᠤᠬᠢᠷᠠᠳᠠᠬ᠃ ᠰᠢᠬᠢᠷ ᠰᠢᠬᠢᠡᠭ ᠡᠪᠡᠳᠴᠢᠨ ᠲᠠᠢ ᠬᠦᠮᠦᠨ᠃ ᠢᠡᠭᠲᠤᠤᠷ ᠪᠤᠯ ᠴᠢᠰᠦᠨ ᠰᠢᠬᠢᠷ ᠤᠨ ᠤᠷᠪᠠᠯ ᠢᠶᠡᠷ ᠮᠠᠰᠢ ᠰᠤᠯᠠ ᠨᠢᠭᠡ ᠲᠦᠷᠦᠯ ᠤᠨ ᠵᠢᠮᠢᠰ ᠮᠦᠨ᠃ ᠡᠨᠡ ᠨᠢ ᠲᠡᠭᠦᠨ ᠳ᠋ᠦ ᠼᠠᠶᠠᠨᠢᠳᠢᠨ ᠮᠡᠳᠦ ᠶᠢᠨ ᠤᠯᠠᠨᠴᠢ ᠹᠧᠨᠤᠯ ᠤᠨ ᠲᠦᠷᠦᠯ ᠤᠨ ᠪᠤᠳᠠᠰ ᠡᠯᠪᠡᠭ ᠠᠭᠤᠯᠤᠬᠳᠠᠵᠦ᠂ ᠰᠢᠡᠭᠭᠡᠭᠡᠬᠦ ᠢᠰᠭᠡᠭᠦᠷ ᠤᠨ ᠢᠳᠡᠪᠬᠢ ᠴᠢᠨᠠᠷ ᠢ ᠬᠢᠵᠠᠭᠠᠷᠯᠠᠬᠰᠠᠨ ᠪᠠ ᠵᠢᠮᠢᠰᠦᠨ ᠴᠠᠪᠠᠤ ᠠᠭᠤᠯᠤᠬᠳᠠᠵᠦ᠂ ᠰᠢᠬᠢᠷ︉ ᠤᠨ ᠰᠢᠡᠭᠭᠡᠭᠡᠯᠲᠡ ᠶᠢ ᠤᠳᠠᠭᠠᠰᠢᠷᠠᠭᠤᠯᠤᠬᠰᠠᠨ ᠡᠴᠡ ᠪᠤᠯᠤᠬᠰᠠᠨ ᠪᠠᠶᠢᠵᠦ ᠮᠡᠳᠡᠨ᠎ᠡ᠃ ᠡᠶᠢᠮᠦ ᠡᠴᠡ ᠰᠢᠬᠢᠷ ᠰᠢᠵᠢᠡᠭ ᠡᠪᠡᠳᠴᠢᠨ ᠲᠠᠢ ᠬᠦᠮᠦᠨ ᠡᠳᠦᠷ ᠪᠦᠷᠢ ᠬᠤᠭᠤᠯᠠᠨ ᠤ ᠵᠠᠪᠰᠠᠷ ᠲᠠᠭᠠᠨ ᠬᠤᠶᠠᠷ ᠤᠳᠠᠭ᠎ᠠ ᠢᠡᠭᠲᠤᠤᠷ ᠢᠳᠡᠵᠦ ᠪᠤᠯᠤᠨ᠎ᠠ᠂ ᠤᠳᠠᠭ᠎ᠠ ᠪᠦᠷᠢ 100 ᠭᠷᠠᠮ ᠢᠳᠡᠪᠡᠯ ᠬᠠᠮᠤᠬ ᠤᠨ ᠰᠠᠶᠢᠨ᠂ ᠢᠡᠭᠲᠤᠤᠷ ᠰᠢᠬᠢᠷᠯᠢᠭ ᠠᠮᠳᠠᠲᠠᠢ ᠭᠡᠵᠦ ᠲᠡᠡᠭᠳᠡᠭᠦᠦ ᠬᠢᠴᠢᠶᠡᠬᠦ ᠬᠡᠷᠡᠭ ᠦᠭᠡᠢ᠃
ᠮᠧᠡᠭ ᠰᠢᠶᠠᠡᠭ ᠳ᠋ᠦᠡᠭ ᠸᠢᠴᠠᠲ ᠤᠨ ᠨᠡᠶᠢᠳᠡ ᠶᠢᠨ ᠲᠠᠪᠴᠠᠡᠭ
ᠦᠪᠦᠷ ᠮᠤᠡᠭᠭᠤᠯ ᠤᠨ ᠪᠦᠬᠦ ᠠᠷᠠᠳ ᠢᠶᠡᠷ ᠢᠶᠡᠨ ᠪᠡᠶ᠎ᠡ ᠪᠡᠨ ᠴᠢᠬᠢᠷᠠᠬᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠡᠭ
ᠮᠧᠡᠭ ᠰᠢᠶᠠᠡᠭ ᠳ᠋ᠦᠡᠭ APP
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ
ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ