1.jpg

   ᠰᠢᠨᠬᠤᠧᠠ ᠮᠤᠩᠭᠤᠯ ᠨᠧᠲ   ᠬᠦᠬᠡᠬᠤᠳᠠ ᠶᠢᠨ 10 ᠰᠠᠷ᠎ᠠ ᠶᠢᠨ 8 ᠤ ᠡᠳᠦᠷ ᠤᠨ ᠴᠠᠬᠢᠯᠭᠠᠨ ᠮᠡᠳᠡᠬᠡ   ᠬᠣᠶᠠᠳᠣᠭᠠᠷ ᠬᠣᠭᠣᠴᠠᠭᠠᠨ ‍ᠤ ᠸᠧᠢ ᠹᠠᠩ ᠪᠢᠨᠬᠠᠢ•ᠣᠯᠠᠨ ᠣᠯᠣᠰ ‍ᠤᠨ ᠮᠣᠷᠢᠨ ᠮᠡᠷᠭᠡᠵᠢᠯ ‍ᠤᠨ ᠰᠣᠶᠣᠯ ‍ᠤᠨ ᠨᠠᠶᠢᠷ 10 ᠰᠡᠷ᠎ᠡ ᠶ᠋ᠢᠨ 1 ᠤ᠋ ᠡᠳᠦᠷ ᠡᠴᠠ 3 ᠤ᠋ ᠡᠳᠦᠷ ᠪᠣᠯᠳᠠᠯ᠎ᠠ ᠱᠠᠨᠳᠦ᠋ᠩ ᠮᠣᠵᠢ ᠶ᠋ᠢᠨ ᠸᠧᠢ ᠹᠠᠩ ᠬᠣᠳᠡ ᠶ᠋ᠢᠨ ᠪᠢᠨᠬᠠᠢ ᠠᠵᠣ ᠠᠬᠣᠢ ᠮᠡᠷᠭᠡᠵᠢᠯ ‍ᠤᠨ ᠨᠡᠭᠡᠭᠡᠯᠳᠡ ᠶ᠋ᠢᠨ ᠲᠣᠭᠣᠷᠢᠭ ᠲᠣ ᠶᠠᠪᠣᠭᠳᠠᠵᠣ᠂ ᠦᠪᠦᠷ ᠮᠣᠩᠭᠣᠯ ‍ᠤᠨ ᠣᠯᠠᠭᠠᠨᠬᠠᠳᠠ ᠬᠣᠳᠡ ᠶ᠋ᠢᠨ ᠪᠠᠭᠠᠷᠢᠨ ᠪᠠᠷᠠᠭᠣᠨ ᠬᠣᠰᠢᠭᠣᠨ ‍ᠤ ᠣᠯᠠᠮᠵᠢᠯᠠᠯᠳᠣ ᠰᠣᠷ ᠬᠠᠷᠪᠣᠯᠳᠠ ᠶ᠋ᠢᠨ ᠨᠡᠶᠢᠭᠡᠮᠯᠢᠭ᠂ ᠠᠳᠣᠭᠣᠨ ᠰᠣᠶᠣᠯ ‍ᠤᠨ ᠨᠡᠶᠢᠭᠡᠮᠯᠢᠭ ᠨᠢ ᠣᠷᠢᠯᠭ᠎ᠠ ᠪᠡᠷ ᠨᠠᠮᠨᠠᠭ᠎ᠠ ᠶ᠋ᠢᠨ ᠠᠩᠬᠢ ᠪᠡᠨ ᠲᠠᠶᠢᠴᠢᠯᠠᠨ ᠣᠷᠣᠯᠳᠣᠭᠠᠨ ᠳ᠋ᠥ ᠣᠷᠣᠯᠴᠠᠭᠠᠳ ᠨᠠᠮᠨᠠᠭ᠎ᠠ ᠶ᠋ᠢᠨ ᠮᠠᠩᠯᠠᠢ ᠠᠪᠣᠭᠰᠠᠨ ᠪᠠᠬᠠᠳᠣᠮ᠎ᠠ ᠠᠮᠵᠢᠯᠳᠡ ᠣᠯᠵᠣ ᠮᠣᠩᠭᠣᠯ ᠮᠣᠷᠢ ᠮᠣᠩᠭᠣᠯ ᠰᠣᠶᠣᠯ ‍ᠤᠨ ᠢᠶᠡᠨ ᠠᠯᠳᠡᠷ ᠴᠣᠣ ᠶ᠋ᠢ ᠪᠠᠰᠨ ᠨᠢᠭᠡᠨ ᠣᠳᠠᠭ᠎ᠠ ᠲᠡᠯᠡᠭᠡᠢ ᠳ᠋ᠠᠬᠢᠨ᠎ᠠ ᠠᠯᠳᠠᠷᠰᠢᠭᠣᠯᠣᠨ ᠭᠠᠶᠢᠬᠠᠭᠣᠯᠵᠠᠢ᠃

    ᠲᠣᠰ ᠬᠣᠭᠣᠴᠠᠭᠠᠨ ‍ᠤ ᠣᠯᠠᠨ ᠣᠯᠣᠰ ‍ᠤᠨ ᠮᠣᠷᠢᠨ ᠮᠡᠷᠭᠡᠵᠢᠯ ‍ᠤᠨ ᠰᠣᠶᠣᠯ ‍ᠤᠨ ᠨᠠᠶᠢᠷ ᠲᠣ ᠠᠩᠭᠯᠢ᠂ ᠣᠷᠣᠰ᠂ ᠲᠠᠶᠢᠯᠠᠨᠳ᠋᠂ ᠰᠢᠩᠭᠠᠫᠣᠷ᠂ ᠠᠶᠢᠷᠯᠠᠨᠳ᠋᠂ ᠬᠣᠯᠠᠨᠳ᠋᠂ ᠳ᠋ᠧᠨ᠋ᠮᠠᠷᠺ᠂ ᠠᠮᠧᠷᠢᠺᠠ᠂ ᠢᠰᠫᠠᠨᠢ᠂ ᠲᠣᠮᠳᠠᠳᠣ ᠶ᠋ᠢᠨ ᠲᠠᠶᠢᠪᠧᠢ᠂ ᠲᠣᠮᠳᠠᠳᠣ ᠣᠯᠣᠰ ‍ᠤᠨ ᠰᠢᠶᠠᠩᠭᠠᠩ ᠵᠡᠷᠭᠡ 10 ᠭᠠᠷᠦᠢ ᠣᠯᠣᠰ ᠪᠠ ᠣᠷᠣᠨ ‍ᠤ ᠮᠣᠷᠢᠨ ᠮᠡᠷᠭᠡᠵᠢᠯ ‍ᠤᠨ ᠨᠡᠶᠢᠭᠡᠮᠯᠢᠭ ‍ᠤᠨ ᠬᠢᠨ ᠰᠣᠶᠣᠯ ‍ᠤᠨ ᠨᠠᠶᠢᠷ ‍ᠤᠨ ᠠᠯᠢ ᠣᠯᠠᠨ ᠠᠵᠢᠯᠯᠠᠭᠠᠨ ᠪᠠ ᠣᠷᠣᠯᠳᠣᠭᠠᠨ ᠮᠦᠷᠦᠶᠢᠴᠡᠭᠡᠨ ᠳ᠋ᠥ ᠣᠷᠣᠯᠴᠠᠵᠣ᠂ ᠵᠠᠭᠣ ᠭᠠᠷᠦᠢ ᠮᠣᠷᠢᠨ ᠮᠡᠷᠭᠡᠵᠢᠯ ‍ᠤᠨ ᠲᠠᠮᠢᠷᠴᠢᠳ ᠣᠷ᠎ᠡ ᠮᠡᠷᠭᠡᠵᠢᠯ ᠢᠶᠡᠨ ᠭᠠᠶᠢᠬᠠᠭᠣᠯᠣᠨ ᠣᠷᠣᠯᠳᠣᠭᠠᠨ ᠪᠠ ᠦᠵᠡᠬᠦᠯᠦᠯᠭᠡ ᠳ᠋ᠥ ᠣᠷᠣᠯᠴᠠᠪᠠ᠃ ᠮᠣᠷᠢᠨ ᠮᠡᠷᠭᠡᠵᠢᠯ ‍ᠤᠨ ᠣᠷᠣᠯᠳᠣᠭᠠᠨ ᠨᠢ ᠮᠣᠷᠢᠨ ᠬᠦᠶᠦᠳᠡᠯ ᠳᠡᠬᠡᠷ᠎ᠠ ᠴᠠᠭᠠᠰᠣᠨ ᠰᠢᠪᠠᠭᠣ ᠨᠢᠰᠭᠡᠬᠦ ᠂ ᠮᠣᠷᠢᠨ ᠲᠣᠪᠳᠣᠯᠣᠭ᠎ᠠ ᠪᠡᠷ ᠫᠠᠢ ᠬᠠᠷᠪᠣᠬᠣ ᠂ ᠮᠣᠷᠢᠨ ᠲᠡᠰᠪᠦᠷᠢ ᠰᠢᠯᠭᠠᠬᠣ ᠂ ᠲᠠᠯᠠᠢ ᠶ᠋ᠢᠨ ᠬᠦᠪᠡᠭᠡ ᠪᠡᠷ ᠣᠰᠣᠨ ᠳ᠋ᠥ ᠲᠣᠪᠳᠣᠯᠭᠠᠬᠣ ᠂ ᠴᠢᠭᠳᠣ ᠮᠣᠷᠢᠨ ᠮᠡᠷᠭᠡᠵᠢᠯ ‍ᠤᠨ ᠭᠣᠷᠪᠠᠨ ᠵᠦᠢᠯ ‍ᠤᠨ ᠣᠷᠣᠯᠳᠣᠭᠠᠨ ᠵᠡᠷᠭᠡ ᠲᠠᠪᠣᠨ ᠲᠦᠷᠦᠯ ᠬᠣᠪᠢᠶᠠᠨ ᠶᠠᠪᠣᠭᠳᠠᠵᠣ ᠂ ᠪᠠᠭᠠᠷᠢᠨ ᠪᠠᠷᠠᠭᠣᠨ ᠬᠣᠰᠢᠭᠣᠨ ‍ᠤ ᠨᠠᠮᠨᠠᠭᠠᠴᠢᠳ ᠮᠣᠷᠢᠨ ᠲᠣᠪᠳᠣᠯᠣᠭ᠎ᠠ ᠪᠡᠷ ᠫᠠᠢ ᠬᠠᠷᠪᠣᠬᠣ ᠪᠠ ᠮᠣᠷᠢᠨ ᠬᠦᠶᠦᠳᠡᠯ ᠳᠡᠬᠡᠷ᠎ᠠ ᠴᠠᠭᠠᠰᠣᠨ ᠰᠢᠪᠠᠭᠣ ᠨᠢᠰᠭᠡᠬᠦ ᠬᠣᠶᠠᠷ ᠲᠦᠷᠦᠯ ‍ᠤᠨ ᠣᠷᠣᠯᠳᠣᠭᠠᠨ ᠳ᠋ᠥ ᠣᠷᠣᠯᠴᠠᠵᠣ ᠂ ᠮᠠᠯᠴᠢᠨ ᠨᠠᠮᠨᠠᠭᠠᠴᠢᠨ ᠬᠠᠰᠴᠢᠯᠠᠭᠣ ᠮᠣᠷᠢᠨ ᠲᠣᠪᠳᠣᠯᠣᠭ᠎ᠠ ᠪᠡᠷ ᠫᠠᠢ ᠬᠠᠷᠪᠣᠬᠣ ( ᠨᠠᠮᠨᠠᠭ᠎ᠠ) ᠣᠷᠣᠯᠳᠣᠭᠠᠨ ‍ᠤ ᠮᠠᠩᠯᠠᠢ ᠠᠪᠴᠣ ᠂ ᠮᠣᠷᠢᠨ ᠬᠦᠶᠦᠳᠡᠯ ᠳᠡᠬᠡᠷ᠎ᠠ ᠴᠠᠭᠠᠰᠣᠨ ᠰᠢᠪᠠᠭᠣ ᠨᠢᠰᠭᠡᠬᠦ ᠣᠷᠣᠯᠳᠣᠭᠠᠨ ‍ᠤ ᠲᠡᠳ᠋ ᠱᠠᠩᠨᠠᠯ ‍ᠢ ᠲᠣᠰᠴᠣ ᠂ ᠵᠠᠯᠠᠭᠣ ᠨᠠᠮᠨᠠᠭᠠᠴᠢᠨ ᠠᠷᠢᠭᠣᠨᠪᠢᠯᠢᠭ᠌ ᠪᠠ ᠠᠭᠣᠳᠠᠮ ᠲᠣᠰ ᠲᠣᠰ ᠮᠣᠷᠢᠨ ᠲᠣᠪᠳᠣᠯᠣᠭ᠎ᠠ ᠪᠡᠷ ᠫᠠᠢ ᠬᠠᠷᠪᠣᠬᠣ ᠣᠷᠣᠯᠳᠣᠭᠠᠨ ‍ᠤ ᠲᠡᠳ᠋ ᠪᠠ ᠲᠠᠪᠣᠳᠣᠭᠠᠷ ᠲᠤ ᠣᠷᠣᠵᠠᠢ ᠃

    ᠲᠣᠰ ᠬᠣᠭᠣᠴᠠᠭᠠᠨ ‍ᠤ ᠸᠧᠢ ᠹᠠᠩ ᠪᠢᠨᠬᠠᠢ • ᠣᠯᠠᠨ ᠣᠯᠣᠰ ‍ᠤᠨ ᠮᠣᠷᠢᠨ ᠮᠡᠷᠭᠡᠵᠢᠯ ‍ᠤᠨ ᠰᠣᠶᠣᠯ ‍ᠤᠨ ᠨᠠᠶᠢᠷ ‍ᠢ ᠸᠧᠢ ᠹᠠᠩ ᠬᠣᠳᠡ ᠶ᠋ᠢᠨ ᠪᠢᠨᠬᠠᠢ ᠵᠢᠭᠣᠴᠢᠯᠠᠯ ‍ᠤᠨ ᠪᠦᠯᠦᠭᠯᠡᠯ ᠬᠢᠭᠡᠳ ᠰᠣᠶᠣᠯ ‍ᠤᠨ ᠶᠠᠮᠣᠨ ‍ᠤ ᠣᠷᠠᠯᠢᠭ ‍ᠤᠨ ᠬᠦᠭᠵᠢᠯᠳᠡ ᠶ᠋ᠢᠨ ᠲᠦᠪ ‍ᠤᠨ ᠬᠠᠷᠢᠶ᠎ᠠ ᠲᠣᠮᠳᠠᠳᠣ ᠣᠯᠣᠰ ‍ᠤᠨ ᠠᠳᠣᠭᠣᠨ ᠰᠣᠶᠣᠯ ‍ᠤᠨ ᠲᠠᠮᠢᠷ ᠵᠢᠭᠣᠴᠢᠯᠠᠯ ‍ᠤᠨ ᠲᠦᠯᠦᠪᠵᠢᠬᠦᠯᠦᠯᠬᠡ ᠶ᠋ᠢᠨ ᠰᠣᠳᠣᠯᠭᠠᠨ ‍ᠤ ᠲᠡᠭᠡᠳᠣ ᠰᠣᠷᠭᠠᠭᠣᠯᠢ ᠡᠴᠠ ᠭᠣᠣᠯᠯᠠᠨ ᠡᠷᠬᠢᠯᠡᠵᠣ ᠂ ᠣᠯᠠᠨ ᠣᠯᠣᠰ ‍ᠤᠨ ᠮᠣᠷᠢᠨ ᠮᠡᠷᠭᠡᠵᠢᠯ ᠵᠢᠭᠣᠴᠢᠯᠠᠯ ‍ᠤᠨ ᠬᠣᠯᠪᠣᠭ᠎ᠠ ᠂ ᠲᠣᠮᠳᠠᠳᠣ ᠣᠯᠣᠰ ‍ᠤᠨ ᠮᠣᠷᠢᠨ ᠮᠡᠷᠭᠡᠵᠢᠯ ‍ᠤᠨ ᠨᠡᠶᠢᠭᠡᠮᠯᠢᠭ ᠂ ᠱᠠᠨᠳᠦ᠋ᠩ ᠮᠣᠵᠢ ᠂ ᠪᠡᠭᠡᠵᠢᠩ ᠬᠣᠳᠡ ᠶ᠋ᠢᠨ ᠮᠣᠷᠢᠨ ᠮᠡᠷᠭᠡᠵᠢᠯ ‍ᠤᠨ ᠲᠠᠮᠢᠷ ‍ᠤᠨ ᠨᠡᠶᠢᠭᠡᠮᠯᠢᠭ ᠵᠡᠷᠭᠡ ᠣᠯᠣᠰ ‍ᠤᠨ ᠭᠠᠳᠠᠭᠠᠳᠣ ᠲᠣᠳᠣᠭᠠᠳᠣ ᠶ᠋ᠢᠨ ᠮᠣᠷᠢᠨ ᠮᠡᠷᠭᠡᠵᠢᠯ ‍ᠤᠨ ᠡᠳᠡᠭᠡᠳ ‍ᠤᠨ ᠬᠢᠨ ᠠᠮᠵᠢᠯᠳᠠ ᠲᠠᠢ ᠬᠠᠮᠵᠢᠨ ᠡᠷᠬᠢᠯᠡᠭᠰᠡᠨ ᠶᠣᠮ ᠪᠠᠶᠢᠨ᠎ᠠ ᠃

     ᠪᠠᠭᠠᠷᠢᠨ ᠪᠠᠷᠠᠭᠣᠨ ᠬᠣᠰᠢᠭᠣᠨ ‍ᠤ ᠨᠠᠮᠨᠠᠭᠠᠴᠢᠳ ᠪᠣᠯᠣᠨ ᠣᠯᠠᠭᠠᠠᠮᠦ᠋ᠴᠢᠷ ‍ᠤᠨ ᠲᠣᠭᠯᠠᠭᠴᠢᠳ ᠬᠣᠶᠠᠳᠣᠭᠠᠷ ᠬᠣᠭᠣᠴᠠᠭᠠᠨ ‍ᠤ ᠸᠧᠢ ᠹᠠᠩ ᠪᠢᠨᠬᠠᠢ • ᠣᠯᠠᠨ ᠣᠯᠣᠰ ‍ᠤᠨ ᠮᠣᠷᠢᠨ ᠮᠡᠷᠭᠡᠵᠢᠯ ‍ᠤᠨ ᠰᠣᠶᠣᠯ ‍ᠤᠨ ᠨᠠᠶᠢᠷ ᠲᠣ ᠡᠬᠢᠯᠡᠯᠳᠡ ᠪᠠ ᠲᠡᠭᠦᠰᠭᠡᠯ ‍ᠤᠨ ᠶᠣᠰᠣᠯᠠᠯ ‍ᠢ ᠪᠠᠭᠳᠠᠭᠠᠰᠠᠨ ᠵᠢᠷᠭᠣᠭᠠᠨ ᠲᠠᠯᠠᠪᠠᠢ( ᠣᠳᠠᠭ᠎ᠠ) ᠭᠣᠴᠣ ᠰᠠᠶᠢᠬᠠᠨ ᠦᠵᠡᠬᠦᠯᠦᠯᠭᠡ ᠲᠣᠭᠯᠠᠯᠳᠡ ᠭᠠᠷᠭᠠᠵᠣ ᠮᠣᠷᠢ ᠣᠷᠭᠠᠯᠠᠬᠣ ᠂ ᠡᠮᠨᠢᠭ᠌ ᠰᠣᠷᠭᠠᠬᠣ ᠂ ᠬᠦᠬᠦᠷ ᠰᠣᠯᠢᠯᠴᠠᠨ ᠬᠠᠳᠠᠭ ᠰᠢᠬᠦᠷᠡᠬᠦ ᠂ ᠨᠠᠮᠨᠠᠭ᠎ᠠ ᠬᠢᠬᠦ ᠮᠣᠷᠢᠨ ᠮᠡᠷᠭᠡᠵᠢᠯ ᠪᠠ ᠮᠣᠷᠢᠨ ᠬᠣᠭᠣᠷ ᠂ ᠠᠷᠠᠳ ‍ᠤᠨ ᠲᠠᠭᠣᠣ᠂ ᠣᠷᠳᠣ ᠶ᠋ᠢᠨ ᠲᠠᠭᠣᠣ ᠂ ᠬᠦᠭᠡᠮᠠᠢ ᠶ᠋ᠢᠨ ᠦᠪᠡᠷᠮᠢᠴᠨ ᠣᠷᠠᠯᠢᠭ ‍ᠤᠨ ᠷᠢᠳᠢ ᠰᠢᠳᠢ ᠠᠣᠭ᠎ᠠ ᠭᠠᠶᠢᠬᠠᠮᠰᠢᠭ ‍ᠢ ᠲᠠᠪᠣᠨ ᠲᠢᠪ ᠲᠦᠷᠪᠡᠨ ᠲᠠᠯᠠᠢ ᠶ᠋ᠢᠨ ᠦᠵᠡᠭᠴᠢᠳ ᠵᠣᠷᠴᠢᠭᠰᠠᠳ ᠲᠣ ᠡᠷᠬᠦᠨ ᠰᠣᠨᠢᠷᠬᠠᠭᠣᠯᠣᠭᠰᠠᠨ ᠪᠠᠶᠢᠨ᠎ᠠ ᠃ ᠪᠠᠭᠠᠷᠢᠨ ᠪᠠᠷᠠᠭᠣᠨ ᠬᠣᠰᠢᠭᠣᠨ ‍ᠤ ᠠᠳᠣᠭᠣᠨ ᠰᠣᠶᠣᠯ ‍ᠤᠨ ᠨᠡᠶᠢᠭᠡᠮᠯᠢᠭ ᠂ ᠣᠯᠠᠮᠵᠢᠯᠠᠯᠳᠣ ᠰᠣᠷ ᠬᠠᠷᠪᠣᠯᠳᠠ ᠶ᠋ᠢᠨ ᠨᠡᠶᠢᠭᠡᠮᠯᠢᠭ ‍ᠤᠨ ᠬᠠᠷᠢᠭᠣᠴᠠᠯᠭᠠᠳᠠᠨ ᠨᠠᠷ ᠣᠷᠢᠯᠭ᠎ᠠ ᠪᠡᠷ ᠮᠦᠨ ᠨᠠᠶᠢᠷ ‍ᠤᠨ ᠬᠣᠭᠣᠴᠠᠭᠠᠨ ᠳ᠋ᠥ ᠪᠣᠯᠣᠭᠰᠠᠨ《ᠲᠡᠯᠡᠬᠡᠢ ᠶ᠋ᠢᠨ ᠠᠳᠣᠭᠣᠨ ᠰᠣᠶᠣᠯ ᠵᠢᠭᠣᠴᠢᠯᠠᠯ ‍ᠤᠨ ᠲᠦᠷᠦᠭᠦᠴᠣᠳ ‍ᠤᠨ ᠬᠣᠷᠠᠯᠳᠣᠭᠠᠨ》 ᠳ᠋ᠥ ᠰᠠᠭᠠᠳᠠᠵᠠᠢ ᠃ ᠪᠠᠭᠠᠷᠢᠨ ᠪᠠᠷᠠᠭᠣᠨ ᠬᠣᠰᠢᠭᠣᠨ ‍ᠤ ᠨᠠᠮᠨᠠᠭ᠎ᠠ ᠶ᠋ᠢᠨ ᠠᠩᠬᠢ ᠪᠠ ᠣᠯᠠᠭᠠᠠᠮᠦ᠋ᠴᠢᠷ ᠨᠢ ᠲᠣᠰ ᠣᠳᠠᠭᠠᠨ ‍ᠤ ᠣᠯᠠᠨ ᠣᠯᠣᠰ ‍ᠤᠨ ᠮᠣᠷᠢᠨ ᠮᠡᠷᠭᠡᠵᠢᠯ ‍ᠤᠨ ᠰᠣᠶᠣᠯ ‍ᠤᠨ ᠨᠠᠶᠢᠷ ‍ᠤᠨ ᠣᠷᠣᠯᠳᠣᠭᠠᠨ ᠦᠵᠡᠬᠦᠯᠦᠯᠭᠡ ᠳ᠋ᠥ ᠣᠷᠣᠯᠴᠠᠭᠰᠠᠨ ᠦᠪᠦᠷ ᠮᠣᠩᠭᠣᠯ ‍ᠤᠨ ᠦᠪᠡᠷᠳᠡᠭᠡᠨ ᠵᠠᠰᠠᠬᠣ ᠣᠷᠣᠨ ‍ᠤ ᠴᠣᠷ ‍ᠤᠨ ᠭᠠᠭᠴᠨ ᠪᠦᠯᠬᠦᠮ ᠨᠡᠶᠢᠳᠡ ᠪᠣᠯᠵᠠᠢ᠃ (ᠨᠡᠶᠢᠳᠡᠯᠡᠯ ᠵᠢᠷᠤᠭ ᠢ ᠪᠠᠭᠠᠷᠢᠨ ᠪᠠᠷᠠᠭᠣᠨ ᠬᠣᠰᠢᠭᠣᠨ ‍ᠤ ᠵᠠᠰᠠᠭ ‍ᠤᠨ ᠣᠷᠳᠣᠨ ‍ᠤ ᠰᠦᠯᠵᠢᠶ᠎ᠠ ᠶᠢᠨ ᠬᠦᠬᠡᠳᠠᠪᠠᠯᠭᠠᠨ )


ᠢᠷᠡᠯᠳᠡ : 

ᠰᠢᠨᠬᠤᠧᠠ ᠮᠤᠩᠭᠤᠯ ᠨᠧᠲ     

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ