ᠤᠷᠴᠢᠮ ᠤᠨ ᠵᠢᠯ ᠬᠦᠮᠦᠰ ᠪᠡᠶ᠎ᠡ ᠪᠡᠨ ᠳᠠᠪᠲᠠᠨ ᠪᠤᠯᠪᠠᠰᠤᠷᠠᠭᠤᠯᠬᠤ ᠪᠡᠷ ᠳᠤᠲᠠᠮᠠᠬ ᠪᠤᠯᠤᠬᠰᠠᠨ ᠪᠤᠶᠤ ᠠᠵᠢᠯᠯᠠᠬᠤ ᠳ᠋ᠠᠭᠠᠨ ᠤᠳᠠᠭᠠᠨ ᠴᠠᠬ ᠢᠶᠡᠷ ᠰᠠᠭᠤᠬᠤ ᠵᠡᠷᠭᠡ ᠡᠴᠡ ᠪᠤᠯᠵᠦ᠂ ᠨᠢᠷᠤᠭᠤ  ᠡᠪᠡᠳᠦᠯ᠎ᠡ ᠭᠡᠵᠦ ᠶᠡᠬᠡ ᠶᠠᠷᠢᠬᠤ ᠪᠤᠯᠤᠬᠰᠠᠨ ᠶᠤᠮ᠃ ᠬᠡᠳᠦᠢᠢᠪᠡᠷ ᠨᠢᠷᠤᠭᠤ ᠡᠪᠡᠳᠬᠦ ᠰᠢᠯᠳᠠᠭᠠᠨ ᠨᠢ ᠤᠯᠠᠨ ᠶᠠᠡᠭᠵᠦ ᠪᠠᠶᠢᠳᠠᠬ ᠴᠦ ᠶᠡᠬᠡᠡᠭᠬᠢ ᠳ᠋ᠡᠭᠡᠨ ᠨᠢᠷᠤᠭᠤᠨ ᠤ ᠵᠠᠪᠰᠠᠷ ᠤᠨ ᠵᠢᠭᠢᠷᠢᠭᠡᠪᠴᠢ ᠮᠦᠭᠡᠷᠰᠦᠨ ᠤ ᠭᠡᠮᠳᠦᠯ᠂ ᠦᠭᠡᠷ᠎ᠡ ᠪᠡᠷ ᠬᠡᠯᠡᠪᠡᠯ ᠨᠢᠷᠤᠭᠤᠨ ᠤ ᠦᠶ᠎ᠡ ᠶᠢᠨ ᠲᠠᠪᠠᠬ ᠤᠨ ᠭᠡᠮᠳᠦᠯ ᠢᠶᠡᠷ ᠬᠦᠯ ᠨᠢᠷᠤᠭᠤ ᠡᠪᠡᠳᠬᠦ ᠨᠢ ᠲᠦᠭᠡᠮᠡᠯ ᠳᠤᠬᠢᠶᠠᠯᠳᠤᠳᠠᠬ᠃ ᠡᠶᠢᠨᠬᠦ ᠰᠢᠯᠢ ᠶᠢ ᠬᠤᠳᠠ ᠶᠢᠨ ᠤᠳᠠᠴᠢ ᠮᠤᠡᠭᠭᠤᠯ ᠡᠮᠨᠡᠯᠭᠡ ᠶᠢᠨ ᠬᠤᠷᠢᠶᠠᠨ ᠳ᠋ᠦ ᠲᠤᠰᠬᠠᠢ ᠤᠷᠢᠬᠳᠠᠨ ᠡᠮᠴᠢᠯᠡᠭᠡ ᠬᠢᠵᠦ ᠪᠠᠶᠢᠭ᠎ᠠ ᠰᠢᠯᠤᠭᠤᠨ ᠬᠦᠬᠡ ᠬᠤᠰᠢᠭᠤᠨ ᠤ ᠰᠠᠡᠭ ᠤᠨ ᠲᠠᠯᠠᠢ ᠪᠠᠯᠭᠠᠰᠦ ᠶᠢᠨ ᠨᠠ‍᠋‍·ᠬᠤᠷᠴᠠᠪᠢᠯᠢᠢᠡ᠋ ᠡᠮᠴᠢ ᠡᠴᠡ ᠨᠢᠷᠤᠭᠤᠨ ᠤ ᠦᠶ᠎ᠡ ᠶᠢᠨ ᠲᠠᠪᠠᠬ ᠤᠨ ᠭᠡᠮᠳᠦᠯ ᠢ ᠤᠷᠢᠳᠴᠢᠯᠠᠨ ᠰᠡᠷᠬᠡᠶᠢᠯᠡᠬᠦ ᠪᠠ ᠬᠡᠷᠬᠢᠨ ᠡᠮᠴᠢᠯᠡᠨ ᠵᠠᠰᠠᠬᠤ ᠲᠤᠬᠠᠢ ᠨᠠᠷᠢᠨ ᠵᠦᠪᠯᠡᠯᠭᠡ ᠠᠪᠤᠯ᠎ᠠ᠃ ᠬᠤᠯᠠ ᠤᠶᠢᠷ᠎ᠠ ᠳ᠋ᠠᠭᠠᠨ ᠴᠠᠬᠠᠷ ᠶᠠᠰᠤ ᠪᠠᠷᠢᠬᠴᠢ ᠭᠡᠮᠡᠨ ᠠᠯᠳᠠᠷᠰᠢᠬᠰᠠᠨ ᠨᠠ‍᠋‍· ᠬᠤᠷᠴᠠᠪᠢᠯᠢᠢᠡ᠋ ᠡᠮᠴᠢ ᠬᠤᠷᠢᠭᠠᠳ ᠵᠢᠯ ᠤᠨ ᠡᠮᠴᠢᠯᠡᠭᠡᠨ ᠤ ᠲᠤᠷᠰᠢᠯᠭ᠎ᠠ ᠲᠠᠢ ᠮᠦᠷᠳᠡᠬᠡᠨ ᠨᠢᠷᠤᠭᠤᠨ ᠤ ᠦᠶ᠎ᠡ ᠶᠢᠨ ᠲᠠᠪᠠᠬ ᠤᠨ ᠭᠡᠮᠳᠦᠯ᠂ ᠦᠶ᠎ᠡ ᠭᠡᠰᠢᠭᠦᠨ ᠤ ᠡᠪᠡᠳᠴᠢᠨ ᠢ ᠤᠬᠤᠷᠬᠠᠨ ᠬᠤᠭᠤᠴᠠᠭᠠᠨ ᠳ᠋ᠦ ᠢᠯᠡᠷᠢᠰᠢᠭᠦᠯᠳᠡᠭ ᠢᠶᠡᠷ ᠢᠶᠡᠨ ᠨᠡᠡᠭ ᠴᠦ ᠠᠯᠳᠠᠷ ᠲᠠᠢ ᠪᠢᠯᠡ᠃

 ᠨᠢᠷᠤᠭᠤᠨ ᠤ ᠦᠶ᠎ᠡ ᠶᠢᠨ ᠲᠠᠪᠠᠬ ᠤᠨ ᠭᠡᠮᠳᠦᠯ ᠨᠢ ᠭᠤᠤᠯᠳᠠᠭᠤ ᠪᠦᠰᠡᠯᠡᠭᠦᠷ ᠨᠢᠷᠤᠭᠤᠨ ᠤ ᠬᠡᠰᠡᠭ ᠲᠦ ᠳᠤᠬᠢᠶᠠᠯᠳᠤᠬᠤ ᠨᠢᠷᠤᠭᠤᠨ ᠤ ᠦᠶ᠎ᠡ ᠶᠢᠨ ᠵᠠᠪᠰᠠᠷ ᠤᠨ ᠵᠢᠭᠢᠷᠢᠭᠡᠪᠴᠢ ᠮᠦᠭᠡᠷᠰᠦᠨ ︵ᠴᠠᠭᠠᠨ ᠮᠦᠭᠡᠷᠰᠦ︶ ᠤ ᠭᠡᠮᠳᠦᠯ ᠪᠤᠯᠤᠨ᠎ᠠ᠃ ᠨᠠ‍᠋‍· ᠬᠤᠷᠴᠠᠪᠢᠯᠢᠢᠡ᠋᠄︽ᠨᠢᠷᠤᠭᠤᠨ ᠤ ᠦᠶ᠎ᠡ ᠶᠢᠨ ᠲᠠᠪᠠᠬ ᠠᠮᠠᠷᠬᠠᠨ ᠭᠡᠮᠳᠦᠵᠦ ᠪᠠᠶᠢᠬᠤ ᠨᠢ ᠤᠰᠤᠨ ᠤ ᠬᠤᠤᠷᠳᠠᠯ᠂ ᠢᠳᠡᠭᠡᠨ ᠤ ᠰᠢᠮ᠎ᠡ ᠲᠡᠵᠢᠭᠡᠯ ᠡᠴᠡ ᠪᠤᠯᠵᠦ ᠬᠦᠮᠦᠨ ᠤ ᠶᠠᠰᠤᠨ ᠤ ᠴᠢᠨᠠᠷ ᠮᠠᠭᠤᠳᠠᠵᠦ ᠪᠠᠶᠢᠬᠤ ᠲᠠᠢ ᠭᠤᠤᠯ ᠬᠤᠯᠪᠤᠭ᠎ᠠ ᠲᠠᠢ ᠶᠤᠮ᠃ ᠵᠢᠱᠢᠶᠡᠯᠡᠪᠡᠯ᠄ ᠤᠰᠤᠨ ᠤ ᠴᠢᠨᠠᠷ ᠮᠠᠭᠤ ᠭᠠᠵᠠᠷ ᠤᠨ ᠬᠦᠮᠦᠰ ᠡᠨᠡ ᠡᠪᠡᠳᠴᠢᠨ ᠢᠶᠡᠷ ᠢᠯᠡᠭᠦᠦ ᠡᠪᠡᠳᠴᠢᠯᠡᠳᠡᠭ᠃ ᠶᠠᠭᠠᠬᠢᠭᠠᠳ ᠭᠡᠪᠡᠯ ᠶᠠᠰᠤᠨ ᠤ ᠨᠢᠬᠲᠠᠴᠠ ᠰᠡᠶᠢᠷᠡᠭᠵᠢᠭᠰᠡᠨ ᠡᠴᠡ ᠬᠦᠨᠳᠦ ᠶᠠᠭᠤᠮ᠎ᠠ ᠡᠷᠭᠦᠬᠦ ᠪᠤᠶᠤ ᠨᠢᠷᠤᠭᠤ ᠪᠠᠨ ᠡᠪ ᠦᠭᠡᠢ ᠮᠤᠰᠭᠢᠪᠠᠯ ᠨᠢᠷᠤᠭᠤᠨ ᠤ ᠦᠶ᠎ᠡ ᠨᠢ ᠰᠢᠯᠵᠢᠵᠦ᠂ ᠬᠤᠭᠤᠷᠤᠨᠳᠤᠬᠢ ᠴᠠᠭᠠᠨ ᠮᠦᠭᠡᠷᠰᠦ ᠨᠢ ᠪᠢᠯᠴᠠᠷᠠᠵᠦ ᠭᠠᠷᠤᠨ᠎ᠠ᠃ ᠢᠡᠭᠭᠢᠭᠡᠳ ᠭᠠᠳᠠᠬᠰᠢ ᠭᠦᠳᠦᠢᠢᠵᠦ ᠭᠠᠷᠬᠤ ᠪᠤᠢ᠂ ᠳᠤᠲᠤᠬᠰᠢ ᠬᠤᠲᠤᠶᠢᠵᠦ ᠤᠷᠤᠬᠤ ᠴᠦ ᠪᠤᠢ᠂ ᠪᠠᠰᠠ ᠵᠡᠭᠦᠨᠰᠢ ᠪᠠᠷᠠᠭᠤᠨᠰᠢ᠂ ᠲᠡᠭᠡᠭᠰᠢ ᠲᠤᠭᠤᠬᠰᠢ ᠭᠡᠮᠡᠨ ᠵᠢᠷᠭᠤᠭᠠᠨ ᠲᠡᠰᠢ ᠪᠡᠨ ᠪᠦᠷ ᠭᠡᠮᠳᠦᠬᠦ ᠪᠤᠯᠤᠯᠴᠠᠭ᠎ᠠ ᠲᠠᠢ ᠪᠠᠶᠢᠳᠠᠬ᠃ ᠡᠨᠡ ᠨᠢ ᠪᠠᠷᠳᠠᠯ ᠤᠨ ᠴᠢᠨᠠᠷᠲᠠᠢ ᠭᠡᠮᠳᠦᠯ ᠤᠴᠢᠷ ᠡᠴᠡ ᠮᠤᠡᠭᠭᠤᠯ ᠤᠯᠠᠮᠵᠢᠯᠠᠯᠲᠦ ᠵᠠᠰᠠᠯ ᠤᠨ ᠶᠠᠰᠤ ᠪᠠᠷᠢᠬᠤ ᠠᠷᠭ᠎ᠠ ᠪᠡᠷ ᠭᠡᠮᠳᠦᠭᠰᠡᠨ ᠨᠢᠷᠤᠭᠤ ᠶᠢ ᠨᠢ ᠤᠷᠤᠨ ᠳ᠋ᠤᠨᠢ ᠤᠷᠤᠭᠤᠯᠤᠭᠠᠳ᠂ ᠮᠤᠡᠭᠭᠤᠯ ᠡᠮ ᠬᠠᠪᠰᠤᠷᠭᠠᠬᠤ ᠶᠤᠮ ᠪᠤᠯ ᠤᠬᠤᠷᠬᠠᠨ ᠬᠤᠭᠤᠴᠠᠭᠠᠨ ᠳ᠋ᠦ ᠪᠦᠷᠢᠮᠦᠰᠦᠨ ᠡᠳᠡᠭᠡᠷᠡᠵᠦ ᠲᠡᠶᠢᠯᠳᠡᠭ︾ ᠭᠡᠯ᠎ᠡ᠃ ᠤᠷᠴᠢᠮᠬᠠᠨ ᠨᠠ‍᠋‍· ᠬᠤᠷᠴᠠᠪᠢᠯᠢᠢᠡ᠋ ᠡᠮᠴᠢ ᠬᠦᠪᠡᠭᠡᠳᠦ ᠰᠢᠷ᠎ᠠ ᠬᠤᠰᠢᠭᠤᠨ ᠤ ᠨᠢᠷᠤᠭᠤᠨ ᠤ ᠦᠶ᠎ᠡ ᠶᠢᠨ ᠲᠠᠪᠠᠬ ᠤᠨ ᠭᠡᠮᠳᠦᠯ ᠢᠶᠡᠷ ᠬᠦᠮᠦᠨ ᠤ ᠭᠠᠷ ᠲᠦ ᠤᠷᠤᠬᠰᠠᠨ 28 ᠨᠠᠰᠤ ᠲᠠᠢ ᠲᠡᠮᠦᠷᠪᠤᠯᠤᠳ ᠢ 6 ᠬᠤᠨᠤᠬ ᠡᠮᠴᠢᠯᠡᠭᠡᠳ ᠦᠪᠡᠷᠲᠡᠭᠡᠨ ᠠᠯᠬᠤᠵᠦ ᠴᠢᠳᠠᠬᠤ ᠪᠤᠯᠭᠠᠬᠰᠠᠨ ᠪᠤᠯ ᠮᠦᠨ ᠬᠦᠪᠡᠭᠡᠳᠦ ᠰᠢᠷ᠎ᠠ ᠬᠤᠰᠢᠭᠤᠨ ᠤ ᠨᠢᠷᠤᠭᠤᠨ ᠲᠠᠪᠠᠬ ᠨᠢ ᠪᠢᠯᠴᠠᠷᠠᠵᠦ ᠶᠡᠬᠡ ᠮᠡᠳᠡᠷᠡᠯ ᠨᠢ ᠲᠠᠷᠤᠬᠳᠠᠬᠰᠠᠨ 30 ᠨᠠᠰᠤᠲᠠᠢ ᠦᠵᠡᠰᠭᠦᠯᠡᠡᠭ ᠢ ᠲᠠᠶᠠᠬ ᠲᠤᠯᠤᠭᠠᠳ ᠶᠠᠪᠤᠵᠦ ᠴᠢᠳᠠᠬᠤ ᠪᠤᠯᠭᠠᠬᠰᠠᠨ ᠪᠠᠶᠢᠨ᠎ᠠ᠃

  ᠪᠦᠰᠡᠯᠡᠭᠦᠷ ᠨᠢᠷᠤᠭᠤᠨ ᠤ ᠦᠶ᠎ᠡ ᠶᠢᠨ ᠲᠠᠪᠠᠬ ᠤᠨ ᠭᠡᠮᠳᠦᠯ ᠨᠢ ᠶᠠᠡᠭᠵᠦ ᠪᠦᠷᠢ ᠪᠡᠷ ᠢᠯᠡᠷᠡᠳᠡᠭ᠃ ᠨᠢᠷᠤᠭᠤ ᠪᠠᠭ᠎ᠠ ᠵᠡᠷᠭᠡ ᠬᠦᠰᠢᠵᠦ ᠡᠪᠡᠳᠬᠦ ᠡᠴᠡ ᠠᠪᠤᠭᠠᠳ ᠬᠠᠵᠠᠶᠢᠵᠦ ᠲᠤᠡᠭᠭᠤᠶᠢᠬᠤ ᠳ᠋ᠦ ᠨᠢᠷᠤᠭᠤ ᠪᠡᠷ ᠬᠠᠳᠬᠤᠭᠤᠯᠵᠦ ᠡᠪᠡᠳᠬᠦ᠂ ᠠᠯᠢ ᠨᠢᠭᠡ ᠬᠦᠯ ᠢᠶᠡᠷ ᠲᠠᠭᠠᠭᠤᠯᠵᠦ ᠡᠪᠡᠳᠬᠦ ᠵᠡᠷᠭᠡ ᠠᠡᠭᠬᠠᠨ ᠤ ᠰᠢᠨᠵᠢ ᠨᠤᠭᠦᠳ ᠢᠯᠡᠷᠡᠨ᠎ᠡ᠃ ᠡᠨᠡ ᠪᠠᠶᠢᠳᠠᠯ ᠨᠢ ᠬᠦᠨᠳᠦᠷᠡᠪᠡᠯ ᠪᠤᠰᠴᠦ ᠰᠠᠭᠤᠬᠤ ᠳ᠋ᠦ ᠬᠡᠴᠡᠭᠦᠳᠡᠨ᠎ᠡ᠃ ᠤᠯᠠᠮ ᠢᠶᠡᠷ ᠬᠤᠶᠠᠷ ᠬᠦᠯ ᠨᠢ ᠮᠢᠨᠴᠦᠭᠦᠷᠡᠭᠡᠳ ᠠᠯᠬᠤᠵᠦ ᠭᠢᠰᠭᠢᠵᠦ ᠲᠡᠶᠢᠯᠬᠦ ᠦᠭᠡᠢ ᠪᠤᠯᠳᠠᠬ᠃ ︽ᠨᠠᠰᠤᠲᠠᠶᠢᠴᠤᠳ ᠤᠨ ᠨᠢᠷᠤᠭᠤᠨ ᠦᠶ᠎ᠡ ᠮᠦᠭᠡᠷᠰᠦᠯᠡᠬᠦ ᠨᠢ ᠶᠡᠬᠡ ᠪᠠᠶᠢᠳᠠᠯ ᠪᠤᠯ ᠬᠠᠷᠢᠨ ᠵᠠᠯᠠᠭᠤᠴᠤᠳ ᠪᠠᠭᠠᠴᠤᠳ ᠨᠢᠷᠤᠭᠤᠨ ᠤ ᠦᠶ᠎ᠡ ᠶᠢᠨ ᠲᠠᠪᠠᠬ ᠤᠨ ᠭᠡᠮᠳᠦᠯ ᠤᠯᠬᠤ ᠨᠢ ᠲᠦᠭᠡᠮᠡᠯ ᠪᠠᠶᠢᠳᠠᠬ᠃ ᠬᠡᠷᠪᠡ ᠨᠢᠷᠤᠭᠤᠨ ᠤ ᠦᠶ᠎ᠡ ᠶᠢᠨ ᠲᠠᠪᠠᠬ ᠭᠡᠮᠳᠦᠭᠰᠡᠨ ᠪᠤᠯ ᠤᠯᠠᠨ ᠲᠠᠮᠢᠷ ᠤᠨ ᠬᠦᠳᠡᠯᠭᠡᠭᠡᠨ ᠬᠢᠵᠦ ᠪᠤᠯᠬᠤ ᠦᠭᠡᠢ᠂ ᠴᠠᠬ ᠲᠤᠬᠠᠢ ᠋ᠳ᠋ᠤᠨᠢ ᠡᠮᠴᠢ ᠳ᠋ᠦ ᠦᠵᠡᠭᠦᠯᠵᠦ᠂ ᠬᠠᠮᠢᠭᠠᠰᠢ ᠭᠦᠳᠦᠢᠢᠭᠰᠡᠨ ᠪᠤᠶᠤ ᠪᠤᠰᠤᠳ ᠲᠡᠰᠢ ᠭᠦᠳᠦᠢᠢᠭᠰᠡᠨ ᠪᠤᠯ ᠭᠡᠳᠡᠶᠢᠵᠦ  ᠰᠠᠭᠤᠵᠦ᠂ ᠲᠡᠭᠡᠭᠰᠢ ᠪᠡᠨ ᠬᠠᠷᠠᠵᠦ ᠬᠡᠪᠲᠡᠨ᠎ᠡ᠃ ᠡᠭᠦᠨ ᠡᠴᠡ ᠤᠷᠢᠳᠴᠢᠯᠠᠨ ᠰᠡᠷᠬᠡᠶᠢᠯᠡᠬᠦ ᠭᠡᠪᠡᠯ ᠶᠡᠷᠦᠳᠡᠭᠡᠨ ᠪᠤᠯᠴᠢᠡᠭ ᠮᠢᠬᠠᠨ ᠤ ᠪᠤᠯᠪᠠᠰᠤᠷᠠᠯ ᠢ ᠰᠠᠶᠢᠲᠤᠷ ᠬᠢᠬᠦ ᠨᠢ ᠰᠠᠶᠢᠨ᠂ ᠪᠤᠯᠴᠢᠡᠭ ᠴᠢᠡᠭᠭᠠᠷᠠᠪᠠᠯ ᠨᠢᠷᠤᠭᠤ ᠬᠦᠴᠦ ᠲᠠᠢ ᠮᠦᠷᠳᠡᠬᠡᠨ ᠨᠢᠷᠤᠭᠤᠨ ᠤ ᠦᠶ᠎ᠡ ᠶᠢ ᠬᠠᠮᠠᠭᠠᠯᠠᠬᠤ ᠦᠢᠯᠡᠳᠦᠯ ᠲᠠᠢ ᠪᠠᠶᠢᠳᠠᠬ᠃ ᠮᠦᠨ ᠴᠦ ᠮᠢᠬ᠎ᠠ ᠶᠠᠰᠤᠨ ᠱᠦᠯᠦ᠂ ᠴᠠᠭᠠᠨ ᠢᠳᠡᠭᠡᠨ ᠢᠶᠡᠨ ᠢᠯᠡᠭᠦᠬᠡᠨ ᠢᠳᠡᠵᠦ ᠶᠠᠰᠤᠨ ᠤ ᠴᠢᠨᠠᠷ ᠢᠶᠡᠨ ᠪᠡᠬᠢᠵᠢᠭᠦᠯᠬᠦ ᠬᠡᠷᠡᠭᠲᠡᠢ︾ᠭᠡᠮᠡᠨ ᠨᠠ‍᠋· ᠬᠤᠷᠴᠠᠪᠢᠯᠢ‍᠋ᠢᠡ᠋ ᠡᠮᠴᠢ ᠵᠦᠪᠯᠡᠯ᠎ᠡ᠃ ᠲᠠᠭᠠᠤ ᠳ᠋ᠤᠨᠢ ᠳᠤᠷᠠᠳᠬᠤ ᠳ᠋ᠦ᠂ ᠬᠡᠷᠪᠡ ᠦᠷᠬᠦᠯᠵᠢ ᠬᠦᠨᠳᠦ ᠶᠠᠭᠤᠮ᠎ᠠ ᠡᠷᠭᠦᠳᠡᠭ ᠬᠦᠮᠦᠰ ᠪᠤᠯ ᠨᠢᠷᠤᠭᠤᠨ ᠤ ᠪᠦᠰᠡ ᠵᠡᠭᠦᠵᠦ ᠨᠢᠷᠤᠭᠤ ᠪᠠᠨ ᠬᠠᠮᠠᠭᠠᠯᠠᠬᠤ ᠬᠡᠷᠡᠭᠲᠡᠢ᠂ ᠡᠰᠡᠭᠦᠯ᠎ᠡ ᠵᠦᠪ ᠡᠷᠭᠦᠳᠡᠭ ᠪᠠᠶᠢᠬᠤ ᠬᠡᠷᠡᠭᠲᠡᠢ᠃ ᠲᠠᠬᠢᠪᠠᠯ ᠬᠦᠳᠡᠯᠭᠡᠭᠡᠨ ᠪᠠᠭ᠎ᠠ ᠲᠠᠢ ᠬᠦᠮᠦᠰ ᠶᠠᠰᠤᠨ ᠤ ᠰᠡᠶᠢᠷᠡᠭᠵᠢᠯᠲᠡ ᠳ᠋ᠦ ᠠᠮᠠᠷᠬᠠᠨ ᠦᠷᠳᠦᠳᠡᠭ ᠤᠴᠢᠷ ᠡᠴᠡ ᠪᠡᠶ᠎ᠡ ᠶᠢᠨ ᠲᠠᠰᠬᠠᠯ ᠪᠤᠯᠪᠠᠰᠤᠷᠠᠯ ᠦᠷᠬᠦᠯᠵᠢ ᠬᠢᠵᠦ᠂ ᠪᠡᠶ᠎ᠡ ᠶᠢᠨ ᠵᠢᠡᠭ ᠢᠶᠡᠨ ᠬᠡᠪ ᠤᠨ ᠪᠠᠶᠢᠯᠭᠠᠬᠤ ᠮᠠᠰᠢ ᠴᠢᠬᠤᠯᠠ᠃ ᠲᠠᠷᠭᠤᠯᠠᠬᠤ ᠨᠢ ᠨᠢᠷᠤᠭᠤᠨ ᠳ᠋ᠦ ᠬᠦᠨᠳᠦ ᠠᠴᠢᠶᠠᠯᠠᠯ ᠦᠭᠳᠡᠭ᠃ ᠶᠡᠷᠦᠨᠢ ᠡᠷᠡᠭᠦᠯ ᠴᠢᠬᠢᠷᠠᠬ ᠬᠦᠮᠦᠨ ᠶᠠᠮᠠᠷ ᠴᠦ ᠳᠤᠬᠢᠶᠠᠯᠳᠤᠯ ᠳ᠋ᠦ ᠪᠠᠭ᠎ᠠ ᠡᠪᠡᠳᠳᠡᠭ ᠮᠦᠷᠳᠡᠬᠡᠨ ᠡᠪᠡᠳᠴᠢᠨ ᠢ ᠭᠦᠡᠭᠬᠡᠨ ᠲᠠᠪᠠᠳᠠᠬ ᠭᠡᠳᠡᠭ ᠢ ᠰᠠᠨᠠᠭᠠᠷᠠᠢ᠃


ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ