1.jpg

  ᠰᠢᠨᠬᠤᠧᠠ ᠮᠤᠩᠭᠤᠯ ᠨᠧᠲ   ᠬᠦᠬᠡᠬᠤᠳᠠ ᠶᠢᠨ 9 ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠬᠡ   ᠰᠢᠯᠢᠩᠬᠤᠳᠠ ᠶ᠋ᠢᠨ ᠷᠠᠰᠢᠶᠠᠨᠪᠤᠯᠠᠭ ᠪᠠᠯᠭᠠᠰᠤᠨ ᠤ ᠪᠠᠶᠠᠠᠭᠤᠤᠯ ᠭᠠᠴᠠᠭᠠᠨ ‍ᠤ ᠮᠠᠯᠴᠢᠨ ᠨᠠᠷᠠᠨᠳᠤᠶᠠᠭ᠎ᠠ᠂ ᠲᠡᠷᠭᠡᠯ ᠰᠠᠷᠠᠨ ᠤ ᠪᠠᠶᠠᠷ ᠪᠠ ᠠᠩᠬᠠᠳᠠᠬᠴᠢ ᠮᠠᠯᠴᠢᠨ ᠲᠠᠷᠢᠶᠠᠴᠢᠨ ᠤ ᠪᠠᠶᠠᠷ ᠢᠶᠡᠨ ᠳᠡᠮᠳᠡᠭᠯᠡᠬᠦ ᠪᠡᠷ 9 ᠰᠠᠷ᠎ᠠ ᠶ᠋ᠢᠨ 24 ᠤ᠋ ᠡᠳᠦᠷ ᠪᠠᠯᠭᠠᠰᠤᠨ ᠤ ᠪᠡᠨ ᠳᠡᠭᠡᠰᠦᠨ ᠰᠤᠶᠤᠯ ‍ᠤᠨ ᠬᠤᠯᠪᠤᠭᠠᠨ ᠤ ᠠᠩᠬᠠᠳᠤᠭᠠᠷ ᠤᠳᠠᠭᠠᠨ ᠤ ᠤᠷᠤᠯᠳᠤᠭᠠᠨ ‍ᠢ ᠭᠠᠴᠠᠭᠠᠨ ᠳ᠋ᠠᠭᠠᠨ ᠡᠷᠬᠢᠯᠡᠨ ᠶᠠᠪᠤᠭᠤᠯᠵᠦ᠂ ᠪᠠᠰᠠ ᠮᠠᠯᠴᠢᠳ ᠤᠨ ᠤᠶᠤᠵᠦ ᠬᠢᠵᠦ ᠤᠷᠠᠯᠠᠵᠦ ᠪᠦᠲᠦᠭᠡᠭᠰᠡᠨ ᠳᠡᠭᠡᠰᠦ᠂ ᠰᠤᠷ᠂ ᠢᠰᠡᠭᠡᠢ ᠵᠡᠷᠭᠡ ᠭᠠᠷ ᠤᠷᠠᠯᠠᠯ ᠤᠨ ᠪᠦᠲᠦᠭᠡᠭᠳᠡᠭᠦᠨ ‍ᠢ ᠳᠡᠯᠭᠡᠨ ᠦᠵᠡᠭᠦᠯᠵᠦ᠂ ᠮᠠᠯᠴᠢᠳ ᠢᠶᠡᠨ ᠪᠠᠶᠠᠷᠯᠠᠭᠤᠯᠤᠨ ᠲᠡᠳᠡᠨ ᠳ᠋ᠡᠬᠡᠨ ᠤᠷ᠎ᠠ ᠠᠪᠢᠶᠠᠰ ᠢᠶᠡᠨ ᠪᠠᠳᠠᠷᠠᠭᠤᠯᠬᠤ ᠰᠠᠶᠢᠬᠠᠨ ᠳᠠᠪᠴᠠᠩ ᠬᠠᠩᠭᠠᠯ᠎ᠠ᠃

 ᠮᠠᠯᠴᠢᠳ ᠤᠷᠤᠯᠳᠤᠭᠠᠨ ᠳ᠋ᠥ ᠤᠷᠤᠯᠴᠠᠬᠤ ᠶ᠋ᠢᠨ ᠢᠶᠡᠨ ᠵᠠᠪᠰᠠᠷ᠂ ᠪᠡᠶ᠎ᠠ ᠪᠡᠶᠡᠨ ᠦ ᠪᠡᠨ ᠳᠡᠯᠭᠡᠨ ᠦᠵᠡᠭᠦᠯᠦᠭᠡ ᠶ᠋ᠢ ᠰᠤᠨᠢᠷᠬᠠᠵᠦ ᠵᠤᠭᠤᠭ ᠳᠡᠯᠭᠡᠨ᠎ᠠ᠃

    --- ᠡᠨᠡ ᠮᠤᠩᠭᠤᠯ ᠭᠡᠷ ᠦᠨ ᠤᠭᠤᠰᠤᠷ ᠪᠦᠰᠡᠯᠡᠭᠦᠷ ᠢ ᠴᠤ ᠡᠷᠴᠢ ᠰᠠᠶᠢᠳᠠᠢ᠂ ᠦᠩᠭᠡ ᠲᠠᠯ᠎ᠠ ᠶ᠋ᠢ ᠨᠢ ᠵᠤᠬᠢᠴᠠᠭᠤᠯᠤᠭᠠᠳ ᠭᠤᠶᠤ ᠮᠦᠷᠲᠡᠭᠡᠨ ᠴᠢᠨᠠᠷᠯᠢᠭ ᠰᠠᠶᠢᠨ ᠲᠠᠮᠤᠵᠦ ᠳ᠋ᠠ᠃

   --- ᠲᠡᠷᠡ ᠲᠡᠮᠡᠭᠡᠨ ᠦ ᠨᠤᠬᠲᠦ᠂ ᠪᠤᠷᠠᠨᠲᠠᠭ ᠴᠢᠨᠢ ᠬᠠᠷᠢᠨ ᠠᠰᠢᠭᠦᠢ᠂ ᠬᠤᠶᠠᠷ ᠲᠤᠷᠤᠮ ᠳ᠋ᠠᠭᠠᠨ ᠵᠠᠷᠤᠪᠠᠯ ᠭᠤᠶᠤ ᠡᠳ᠋ ᠪᠠᠶᠢᠨ᠎ᠠ᠃

  ᠰᠢᠯᠢᠩᠬᠤᠳᠠ ᠶ᠋ᠢᠨ ᠪᠤᠯᠠᠭᠠᠨ ᠰᠤᠮᠤᠨ ᠤ ᠮᠠᠯᠴᠢᠨ ᠤᠷᠠᠨᠴᠡᠴᠡᠭ ᠨᠠᠰᠤᠳᠠᠨ ᠤᠷᠬᠢᠬᠳᠠᠬᠤ ᠰᠢᠬᠠᠬᠰᠡᠨ ᠫᠠᠷᠵᠠᠢ᠂ ᠳ᠋ᠠᠯᠢᠤ᠂ ᠴᠠᠭᠠᠰᠤᠨ ᠫᠠᠢ ᠵᠡᠷᠭᠡ ᠤᠯᠠᠮᠵᠢᠯᠠᠯᠲᠦ ᠨᠠᠭᠠᠳᠤᠮ ᠲᠤᠬᠯᠠᠭᠠᠮ ᠤᠨ ᠵᠦᠢᠯᠡᠰ ᠢᠶᠡᠨ ᠳᠡᠯᠭᠡᠨ᠂ ᠲᠤᠭᠤᠷᠢᠬᠰᠡᠨ ᠤᠯᠠᠨ ᠳ᠋ᠥ ᠵᠢᠭᠠᠵᠦ ᠳᠤᠬᠢᠨ ᠨᠠᠭᠠᠳᠤᠭᠤᠯᠵᠦ ᠪᠠᠶᠢᠬᠰᠡᠨ ᠨᠢ ᠪᠠᠰᠠ ᠤᠯᠠᠨ ᠤ ᠰᠤᠨᠢᠷᠬᠠᠯ ᠢ ᠲᠠᠳᠠᠵᠦ ᠪᠠᠶᠢᠯ᠎ᠠ᠃

   ᠡᠨᠡ ᠤᠳᠠᠭᠠᠨ ᠤ ᠠᠵᠢᠯᠠᠯᠭ᠎ᠠ ᠶᠠᠪᠤᠭᠤᠯᠤᠬᠰᠡᠨ ᠤ ᠪᠡᠨ ᠳᠤᠬᠠᠢ ᠨᠠᠷᠠᠨᠳᠤᠶᠠᠭ᠎ᠠ᠄ 《ᠪᠢ ᠦᠪᠡᠷ ᠢᠶᠡᠨ ᠮᠤᠩᠭᠤᠯ ᠤᠶᠤᠳᠠᠯ᠂ ᠳᠡᠭᠡᠰᠦ᠂ ᠢᠰᠡᠭᠡᠢ ᠤᠷᠠᠯᠠᠯ ᠳ᠋ᠥ ᠶᠡᠬᠡ ᠪᠠᠬ᠎ᠠ ᠲᠠᠢ᠂ ᠦᠨᠦ ᠵᠢᠯ ᠦᠨ ᠵᠢᠷᠭᠤᠳᠤᠭᠠᠷ ᠰᠠᠷ᠎ᠠ ᠶ᠋ᠢᠨ ᠡᠬᠢᠨ ᠳ᠋ᠥ ᠪᠠᠯᠭᠠᠰᠤᠨ ᠤ ᠪᠡᠨ ᠬᠡᠪᠴᠢᠶᠡᠨ ᠳ᠋ᠥ ᠳᠡᠭᠡᠰᠦᠨ ᠰᠤᠶᠤᠯ ‍ᠤᠨ ᠬᠤᠯᠪᠤᠭ᠎ᠠ ᠪᠠᠶᠢᠭᠤᠯᠵᠠᠢ᠃ ᠲᠡᠭᠡᠭᠡᠳ ᠤᠳᠤ ᠬᠠᠮᠤᠭ ᠲᠦᠷᠦᠭᠦᠦ ᠤᠳᠠᠭᠠᠨ ᠤ ᠪᠡᠨ ᠤᠷᠤᠯᠳᠤᠭᠠᠨ ᠢ ᠬᠢᠵᠦ ᠪᠠᠶᠢᠨ᠎ᠠ᠃ ᠭᠤᠤᠯ ᠨᠢ ᠮᠤᠩᠭᠤᠯ ᠦᠨᠳᠦᠰᠦᠲᠡᠨ ᠦ ᠳᠡᠭᠡᠰᠤᠨ ᠰᠤᠶᠤᠯ ᠤᠨ ᠦᠪ ᠢᠶᠡᠨ ᠤᠯᠠᠮᠵᠢᠯᠠᠨ ᠪᠠᠳᠠᠷᠠᠭᠤᠯᠵᠦ᠂ ᠤᠯᠠᠮᠵᠢᠯᠠᠯᠲᠦ ᠦᠢᠯᠡ ᠤᠶᠤᠳᠠᠯ ᠢᠶᠡᠨ ᠵᠠᠯᠠᠭᠤ ᠪᠠᠭᠠᠴᠤᠤᠯ ᠳ᠋ᠠᠭᠠᠨ ᠵᠢᠭᠠᠨ ᠰᠤᠷᠭᠠᠬᠤ ᠵᠤᠷᠢᠯᠭ᠎ᠠ ᠪᠠᠷ ᠬᠢᠭᠰᠡᠨ ᠶᠤᠮ᠃ ᠨᠠᠮᠤᠷ ᠤᠨ ᠠᠵᠢᠯ ᠤᠨ ᠶᠠᠭᠠᠷᠠᠤ ᠴᠠᠭ ᠲᠤ ᠰᠠᠨᠠᠬᠰᠡᠨ ᠡᠴᠠ ᠭᠠᠳᠠᠭᠤᠷ ᠤᠯᠠᠨ ᠬᠦᠮᠦᠨ ᠤᠷᠤᠯᠴᠠᠯ᠎ᠠ》 ᠭᠡᠵᠦ ᠪᠠᠶᠠᠷᠯᠠᠨ ᠶᠠᠷᠢᠵᠦ ᠪᠠᠶᠢᠯ᠎ᠠ ᠃

   ᠠᠵᠢᠯᠠᠯᠭ᠎ᠠ ᠳ᠋ᠥ᠂ ᠳᠡᠭᠡᠰᠦ ᠲᠠᠮᠤᠬᠤ᠂ ᠤᠳᠠᠰᠦ ᠡᠭᠡᠷᠡᠬᠦ᠂ ᠢᠰᠡᠭᠡᠢ ᠰᠢᠷᠡᠬᠦ ᠭᠤᠷᠪᠠᠨ ᠲᠦᠷᠦᠯ ‍ᠦᠨ ᠤᠷᠤᠯᠳᠤᠭᠠᠨ ᠶᠠᠪᠤᠬᠳᠠᠵᠦ᠂ ᠤᠷᠤᠯᠳᠤᠭᠠᠨ ᠤ ᠡᠴᠦᠰ ᠲᠦ ᠢᠰᠡᠭᠡᠢ ᠰᠢᠷᠡᠬᠦ ᠤᠷᠤᠯᠳᠤᠭᠠᠨ ᠳ᠋ᠥ᠂ ᠰᠢᠯᠢ ᠶ᠋ᠢᠨ ᠬᠤᠳᠠ ᠶ᠋ᠢᠨ ᠪᠤᠯᠠᠭᠠᠨ ᠰᠤᠮᠤᠨ ᠤ ᠮᠠᠯᠴᠢᠨ ᠨᠠᠷᠠᠨᠳᠤᠶᠠᠭ᠎ᠠ ᠲᠡᠷᠢᠭᠦᠯᠡᠵᠦ᠂ ᠳᠡᠭᠡᠰᠦ ᠲᠠᠮᠤᠬᠤ ᠤᠷᠤᠯᠳᠤᠭᠠᠨ ᠳ᠋ᠥ ᠰᠢᠯᠢᠩᠬᠤᠳᠠ ᠶ᠋ᠢᠨ ᠷᠠᠰᠢᠶᠠᠨᠪᠤᠯᠠᠭ ᠪᠠᠯᠭᠠᠰᠤᠨ ᠤ ᠨᠠᠷᠠᠩᠬᠤᠸᠠᠷ᠂ ᠤᠳᠠᠰᠦ ᠡᠭᠡᠷᠡᠬᠦ ᠤᠷᠤᠯᠳᠤᠭᠠᠨ ᠳ᠋ᠥ ᠵᠡᠭᠦᠨ ᠦᠵᠦᠮᠦᠴᠢᠨ ᠬᠤᠰᠢᠭᠤᠨ ᠤ ᠡᠵᠢᠨᠠᠭᠤᠷ ᠪᠠᠯᠭᠠᠰᠤᠨ ᠤ ᠰᠤᠪᠤᠳᠠᠨᠴᠢᠮᠡᠭ ᠲᠡᠷᠢᠭᠦᠯᠡᠵᠡᠢ᠃ ᠢᠰᠡᠭᠡᠢ ᠰᠢᠷᠡᠬᠦ ᠤᠷᠤᠯᠳᠤᠭᠠᠨ ᠳ᠋ᠥ ᠪᠠᠰᠠ ᠬᠤᠶᠠᠷ ᠪᠦᠰᠡᠲᠡᠢ ᠤᠷᠠᠯᠠᠬᠴᠢ ᠤᠷᠤᠯᠴᠠᠬᠰᠡᠨ ᠢᠶᠠᠷ ᠢᠶᠡᠨ ᠤᠯᠠᠨ ᠤ ᠠᠩᠬᠠᠷᠤᠯ ᠳ᠋ᠥ ᠬᠦᠷᠴᠦ ᠪᠢᠯᠡ᠃ ᠤᠷᠤᠯᠳᠤᠭᠠᠨ ᠳ᠋ᠥ᠂ ᠰᠢᠯᠢ ᠶ᠋ᠢᠨ ᠬᠤᠳᠠ ᠶ᠋ᠢᠨ ᠡᠯ᠎ᠡ ᠰᠤᠮᠤ ᠪᠠᠯᠭᠠᠰᠦ ᠪᠠ ᠵᠡᠭᠦᠨ ᠦᠵᠦᠮᠦᠴᠢᠨ ᠬᠤᠰᠢᠭᠤᠨ ᠤ ᠮᠠᠯᠴᠢᠳ ᠳᠠᠯᠠᠭᠠᠳ ᠬᠦᠮᠦᠰ ᠤᠷᠤᠯᠴᠠᠪᠠ᠃

   ᠲᠤᠰ ᠤᠳᠠᠭᠠᠨ ᠤ ᠠᠵᠢᠯᠠᠯᠭ᠎ᠠ ᠳ᠋ᠥ᠂ ᠪᠠᠯᠭᠠᠰᠤᠨ ᠤ ᠪᠡᠨ ᠤᠯᠠᠮᠵᠢᠯᠠᠯᠲᠤ ᠤᠶᠤᠳᠠᠯ ᠬᠢᠳᠡᠯ ᠳ᠋ᠥ ᠲᠤᠷ᠎ᠠ ᠪᠠᠬᠠᠲᠠᠢ᠂ ᠤᠷᠤᠯᠳᠤᠯᠭ᠎ᠠ ᠲᠠᠢ ᠶᠠᠪᠤᠭ᠎ᠠ ᠲᠠᠪᠤᠨ ᠵᠠᠯᠠᠭᠤ ᠪᠦᠰᠡᠭᠦᠢ ᠳ᠋ᠥ《ᠮᠤᠩᠭᠤᠯ ᠰᠤᠶᠤᠯ ᠳ᠋ᠠᠭᠠᠨ ᠬᠠᠶᠢᠷᠠᠳᠠᠢ ᠬᠦᠮᠦᠨ》ᠭᠡᠬᠦ ᠦᠨᠡᠮᠯᠡᠯ ᠤᠯᠭᠤᠵᠦ ᠵᠤᠷᠢᠬᠵᠢᠭᠤᠯᠵᠠᠢ᠃ (ᠴᠢᠷᠮ᠎ᠠ)


ᠢᠷᠡᠯᠳᠡ : 

ᠰᠢᠨᠬᠤᠧᠠ ᠮᠤᠩᠭᠤᠯ ᠨᠧᠲ    

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠬᠡᠪᠯᠡᠯ ᠤᠨ ᠡᠷᠬᠡ ᠲᠠᠢ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠲᠤᠪᠴᠢᠶ᠎ᠠ ᠡᠴᠡ ᠭᠤᠤᠯᠴᠢᠯᠠᠨ ᠡᠷᠬᠢᠯᠡᠪᠡ

ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠲᠠᠮᠢᠷ ᠤᠨ ᠤᠷᠳᠤᠨ ᠳᠠᠭᠠᠭᠠᠴᠢᠯᠠᠪᠠ